ᠢᠮᠫᠣᠷᠲ 14 ᠬᠤᠪᠢ ᠪᠠᠷ ᠪᠠᠭᠠᠰᠴᠠᠢ  | News.MN

ᠢᠮᠫᠣᠷᠲ 14 ᠬᠤᠪᠢ ᠪᠠᠷ ᠪᠠᠭᠠᠰᠴᠠᠢ 

 

ᠮᠣᠩᠭᠣᠯ ᠤᠯᠤᠰ ᠤᠨ ᠢᠮᠫᠣᠷᠲ 2020 ᠣᠨ ᠤ ᠭᠦᠢᠴᠡᠳᠬᠡᠯ ᠢᠶᠡᠷ ᠥᠩᠭᠡᠷᠡᠭᠰᠡᠨ ᠣᠨ ᠤ ᠮᠥᠨ ᠦᠶ᠎ᠡ ᠶᠢᠨ ᠬᠢ ᠲᠡᠢ ᠬᠠᠷᠢᠴᠠᠭᠤᠯᠬᠤ ᠳᠤ 14ᠬᠤᠪᠢ ᠪᠤᠶᠤ 834 ᠰᠠᠶ᠎ᠠ ᠳ᠋ᠣᠯᠯᠠᠷ ᠢᠶᠠᠷ ᠪᠠᠭᠠᠰᠴᠠᠢ᠃ ᠡᠭᠦᠨ ᠳᠦ ᠬᠥᠷᠥᠩᠭᠡ ᠣᠷᠣᠭᠤᠯᠤᠯᠲᠠ ᠶᠢᠨ ᠪᠦᠲᠦᠭᠡᠭᠳᠡᠬᠦᠨ ᠵᠢᠷᠭᠤᠭ᠎ᠠ᠂ ᠨᠧᠹᠲ ᠦᠨ ᠪᠦᠲᠦᠭᠡᠭᠳᠡᠬᠦᠨ ᠵᠢᠷᠭᠤᠭ᠎ᠠ᠂ ᠬᠡᠷᠡᠭᠯᠡᠭᠡᠨ ᠦ ᠪᠦᠲᠦᠭᠡᠭᠳᠡᠬᠦᠨ ᠨᠢᠭᠡ ᠬᠤᠪᠢ ᠪᠠᠷ ᠪᠠᠭᠤᠷᠠᠭᠰᠠᠨ ᠨᠢ ᠨᠥᠯᠦᠭᠡᠯᠡᠭᠰᠡᠨ ᠭᠡᠵᠦ ᠮᠣᠩᠭᠣᠯ ᠪᠠᠩᠬᠢ ᠮᠡᠳᠡᠭᠡᠯᠡᠪᠡ᠃
ᠥᠩᠭᠡᠷᠡᠭᠰᠡᠨ ᠣᠨ ᠤ 12 ᠰᠠᠷ᠎ᠠ ᠶᠢᠨ ᠭᠦᠢᠴᠡᠳᠬᠡᠯ ᠢ 2019 ᠣᠨ  ᠲᠡᠢ ᠬᠠᠷᠢᠴᠠᠭᠤᠯᠪᠠᠯ᠂ ᠨᠡᠶᠢᠲᠡ ᠢᠮᠫᠣᠷᠲ 834 ᠰᠠᠶ᠎ᠠ ᠳ᠋ᠣᠯᠯᠠᠷ ᠢᠶᠠᠷ ᠪᠠᠭᠠᠰᠤᠭᠰᠠᠨ᠃ ᠲᠣᠳᠣᠷᠠᠭᠤᠯᠪᠠᠯ᠂ ᠮᠠᠰᠢᠨ᠂ ᠮᠧᠬᠠᠨᠢᠭ ᠲᠣᠨᠣᠭ ᠲᠥᠬᠥᠭᠡᠷᠦᠮᠵᠢ ᠶᠢᠨ ᠢᠮᠫᠣᠷᠲ 376  ᠰᠠᠶ᠎ᠠ᠂ ᠳ᠋ᠢᠽᠧᠯ ᠲᠦᠯᠡᠰᠢ᠂ ᠨᠧᠹᠲ ᠪᠦᠲᠦᠭᠡᠭᠳᠡᠬᠦᠨ ᠦ ᠢᠮᠫᠣᠷᠲ 349  ᠰᠠᠶ᠎ᠠ᠂ ᠬᠡᠷᠡᠭᠯᠡᠭᠡᠨ ᠦ ᠪᠦᠲᠦᠭᠡᠭᠳᠡᠬᠦᠨ ᠦ ᠢᠮᠫᠣᠷᠲ 88 ᠰᠠᠶ᠎ᠠ᠂ ᠠᠵᠤ ᠦᠢᠯᠡᠳᠪᠦᠷᠢᠯᠡᠯ ᠦᠨ ᠪᠦᠲᠦᠭᠡᠭᠳᠡᠬᠦᠨ ᠦ ᠢᠮᠫᠣᠷᠲ 30 ᠰᠠᠶ᠎ᠠ ᠳ᠋ᠣᠯᠯᠠᠷ ᠢᠶᠠᠷ ᠪᠠᠭᠠᠰᠤᠭᠰᠠᠨ ᠦᠵᠡᠭᠦᠯᠦᠯᠲᠡ ᠲᠡᠢ ᠪᠠᠶᠢᠪᠠ᠃

ᠰᠡᠳᠬᠢᠭᠳᠡᠯ ᠦᠯᠡᠳᠡᠭᠡᠬᠦ