ᠳᠣᠷᠣᠨᠠᠭᠣᠪᠢ ᠳᠤ 2.8 ᠰᠠᠶ᠎ᠠ ᠲᠣᠯᠣᠭᠠᠢ ᠮᠠᠯ ᠡᠪᠦᠯᠵᠢᠵᠦ ᠪᠠᠶᠢᠨ᠎ᠠ  | News.MN

ᠳᠣᠷᠣᠨᠠᠭᠣᠪᠢ ᠳᠤ 2.8 ᠰᠠᠶ᠎ᠠ ᠲᠣᠯᠣᠭᠠᠢ ᠮᠠᠯ ᠡᠪᠦᠯᠵᠢᠵᠦ ᠪᠠᠶᠢᠨ᠎ᠠ 

ᠳᠣᠷᠣᠨᠠᠭᠣᠪᠢ ᠠᠶᠢᠮᠠᠭ ᠤᠨ ᠬᠡᠮᠵᠢᠶᠡᠨ ᠳᠦ ᠦᠭᠡᠷ᠎ᠡ ᠠᠶᠢᠮᠠᠭ ᠤᠨ ᠣᠲᠣᠷ ᠤᠨ ᠮᠠᠯᠴᠢᠨ ᠡᠷᠦᠬᠡ ᠲᠡᠢ ᠨᠡᠶᠢᠯᠡᠭᠡᠳ 4921 ᠮᠠᠯᠴᠢᠨ ᠡᠷᠦᠬᠡ ᠶᠢᠨ 2.8 ᠰᠠᠶ᠎ᠠ ᠮᠠᠯ ᠡᠪᠦᠯᠵᠢᠵᠦ ᠪᠠᠶᠢᠨ᠎ᠠ᠃ ᠡᠭᠦᠨ ᠡᠴᠡ ᠬᠢᠯᠢ ᠶᠢᠨ ᠵᠤᠷᠪᠤᠰ ᠲᠤ ᠵᠢᠷᠭᠤᠭᠠᠨ ᠰᠤᠮᠤ ᠶᠢᠨ 172 ᠡᠷᠦᠬᠡ ᠶᠢᠨ 127.5 ᠮᠢᠩᠭᠠᠨ ᠲᠣᠯᠣᠭᠠᠢ ᠮᠠᠯ᠂ ᠤᠯᠤᠰ ᠤᠨ ᠲᠤᠰᠬᠠᠢ ᠬᠠᠮᠠᠭᠠᠯᠠᠯᠲᠠ ᠲᠠᠢ ᠪᠥᠰᠡ ᠨᠤᠲᠤᠭ ᠲᠤ ᠭᠤᠷᠪᠠᠨ ᠰᠤᠮᠤ ᠶᠢᠨ 155 ᠡᠷᠦᠬᠡ ᠶᠢᠨ 69.9 ᠮᠢᠩᠭᠠᠨ ᠲᠣᠯᠣᠭᠠᠢ ᠮᠠᠯ᠂ ᠥᠪᠡᠷ ᠦᠨ ᠠᠶᠢᠮᠠᠭ ᠤᠨ ᠪᠤᠰᠤᠳ ᠰᠤᠮᠤ ᠶᠢᠨ ᠨᠤᠲᠤᠭ ᠲᠤ 173 ᠡᠷᠦᠬᠡ ᠶᠢᠨ 83.1 ᠮᠢᠩᠭᠠᠨ ᠲᠣᠯᠣᠭᠠᠢ ᠮᠠᠯ᠂ ᠥᠭᠡᠷ᠎ᠡ ᠠᠶᠢᠮᠠᠭ ᠲᠤ ᠲᠠᠪᠤᠨ ᠰᠤᠮᠤ ᠶᠢᠨ 40 ᠡᠷᠦᠬᠡ ᠶᠢᠨ 19.7 ᠮᠢᠩᠭᠠᠨ ᠮᠠᠯ ᠡᠪᠦᠯᠵᠢᠵᠦ ᠪᠠᠶᠢᠭ᠎ᠠ ᠶᠤᠮ᠃
ᠬᠠᠷᠢᠨ ᠳᠠᠯᠠᠨᠵᠢᠷᠭᠠᠯᠠᠩ᠂ ᠠᠶᠢᠷᠠᠭ᠂ ᠠᠯᠲᠠᠨᠰᠢᠷᠡᠭᠡ᠂  ᠶᠡᠬᠡᠬᠡᠲᠡ᠂ ᠳᠡᠯᠭᠡᠷᠡᠬᠦ᠂ ᠬᠠᠲᠠᠨᠪᠤᠯᠠᠭ᠂ ᠡᠷᠳᠡᠨᠢ᠂ ᠥᠷᠭᠡᠨ᠂ ᠰᠠᠶᠢᠬᠠᠨᠳᠤᠯᠠᠭᠠᠨ᠂ ᠤᠯᠠᠭᠠᠨᠪᠠᠳᠠᠷᠠᠬᠤ᠂ ᠮᠠᠨᠳᠤᠬᠤ᠂ ᠬᠥᠪᠰᠥᠭᠥᠯ  ᠰᠤᠮᠤ ᠳᠤ ᠳᠤᠮᠳᠠᠭᠤᠪᠢ᠂ ᠥᠪᠦᠷᠬᠠᠩᠭᠠᠢ᠂  ᠭᠤᠪᠢᠰᠦ᠋ᠮᠪᠤᠷ᠂ ᠪᠠᠶᠠᠨᠬᠣᠩᠭᠣᠷ᠂ ᠲᠥᠪ᠂ ᠡᠮᠦᠨᠡᠭᠣᠪᠢ᠂ ᠰᠦᠬᠡᠪᠠᠭᠠᠲᠤᠷ᠂ ᠬᠡᠨᠲᠡᠢ᠂ ᠪᠤᠯᠠᠭᠠᠨ᠂ ᠳᠣᠷᠣᠨᠠᠲᠤ ᠵᠡᠷᠭᠡ ᠠᠶᠢᠮᠠᠭ ᠤᠨ ᠨᠡᠶᠢᠲᠡ 435 ᠡᠷᠦᠬᠡ ᠶᠢᠨ 280.6 ᠮᠢᠩᠭᠠᠨ ᠲᠣᠯᠣᠭᠠᠢ ᠮᠠᠯ ᠡᠪᠦᠯᠵᠢᠵᠦ ᠪᠠᠶᠢᠨ᠎ᠠ᠃

ᠰᠡᠳᠬᠢᠭᠳᠡᠯ ᠦᠯᠡᠳᠡᠭᠡᠬᠦ