ᠲᠤᠸᠠ ᠰᠢᠲᠠᠷ᠎ᠠ ᠶᠢᠨ ᠲᠡᠮᠡᠴᠡᠭᠡᠨ ᠪᠤᠯᠪᠠ | News.MN

ᠲᠤᠸᠠ ᠰᠢᠲᠠᠷ᠎ᠠ ᠶᠢᠨ ᠲᠡᠮᠡᠴᠡᠭᠡᠨ ᠪᠤᠯᠪᠠ

ᠤᠯᠠᠮᠵᠢᠯᠠᠯᠲᠤ ᠴᠠᠭᠠᠨ ᠰᠠᠷ᠎ᠠ ᠶᠢᠨ ᠪᠠᠶᠠᠷ ᠤᠨ ᠡᠮᠦᠨ᠎ᠡ ᠣᠷᠣᠰ ᠤᠨ ᠬᠣᠯᠪᠣᠭᠠᠨ ᠤ  ᠲᠤᠸᠠ ᠶᠢᠨ  ᠺᠢᠽᠢᠯ ᠳᠤ ᠲᠤᠸᠠ ᠰᠢᠲᠠᠷ᠎ᠠ ᠶᠢᠨ ᠲᠡᠮᠡᠴᠡᠭᠡᠨ ᠪᠤᠯᠪᠠ᠃ ᠲᠤᠸᠠ ᠳᠤ ᠬᠣᠯᠠ ᠰᠢᠳᠢᠷ᠎ᠠ᠂ ᠪᠤᠭᠤ ᠰᠢᠳᠢᠷ᠎ᠠ ᠭᠡᠰᠡᠨ ᠬᠣᠶᠠᠷ ᠲᠥᠷᠥᠯ ᠦᠨ ᠰᠢᠲᠠᠷ᠎ᠠ ᠲᠠᠢ᠃ ᠬᠣᠯᠠ ᠰᠢᠳᠢᠷ᠎ᠠ ᠨᠢ ᠡᠨᠡᠳᠬᠡᠭ ᠦᠨ ᠰᠣᠩᠭᠣᠳᠠᠭ ᠰᠢᠲᠠᠷ᠎ᠠ ᠲᠠᠢ ᠲᠥᠰᠲᠡᠢ᠂ ᠵᠠᠷᠢᠮ ᠨᠡᠭᠦᠳᠡᠯ ᠨᠢ ᠯᠠ ᠥᠭᠡᠷ᠎ᠡ᠃ ᠲᠣᠳᠣᠷᠠᠭᠤᠯᠪᠠᠯ᠂ ᠳᠠᠶᠢᠨ ᠪᠠᠶᠢᠯᠳᠤᠭᠠᠨ ᠬᠢᠵᠦ᠂ ᠭᠠᠵᠠᠷ ᠨᠤᠲᠤᠭ ᠡᠵᠡᠯᠡᠬᠦ ᠳᠦᠷᠢᠮ ᠲᠡᠢ ᠶᠤᠮ ᠪᠠᠶᠢᠨ᠎ᠠ᠃
ᠬᠠᠷᠢᠨ ᠪᠤᠭᠤ ᠰᠢᠳᠢᠷ᠎ᠠ ᠨᠢ ᠲᠤᠯᠤᠭᠠᠨ ᠭᠡᠬᠦ ᠡᠴᠡ ᠪᠡᠨ ᠢᠯᠡᠭᠦᠦ ᠠᠩ ᠠᠩᠨᠠᠭᠤᠷ ᠲᠠᠢ ᠢᠵᠢᠯ᠃ ᠰᠡᠭᠦᠯ ᠦᠨ ᠦᠶ᠎ᠡ ᠳᠦ ᠮᠠᠷᠲᠠᠭᠳᠠᠭᠰᠠᠨ ᠤᠯᠠᠮᠵᠢᠯᠠᠯᠲᠤ ᠡᠨᠡ ᠰᠢᠲᠠᠷ᠎ᠠ ᠶᠢ ᠡᠨᠡ ᠵᠢᠯ ᠴᠠᠭᠠᠨ ᠰᠠᠷ᠎ᠠ ᠠᠴᠠ ᠡᠬᠢᠯᠡᠨ ᠰᠡᠷᠭᠦᠭᠡᠬᠦ ᠶᠡᠬᠡ ᠠᠵᠢᠯ ᠡᠬᠢᠯᠡᠵᠡᠢ᠃ ᠲᠤᠸᠠ ᠶᠢᠨ ᠰᠢᠲᠠᠷ᠎ᠠ ᠶᠢᠨ ᠬᠣᠯᠪᠣᠭᠠᠨ ᠤ ᠭᠡᠰᠢᠭᠦᠨ ᠸᠯᠠᠳᠢᠮᠢᠷ ᠪᠤᠽᠢᠺᠠᠶ᠋ᠸᠪ᠄ ᠮᠠᠨ ᠤ ᠰᠢᠲᠠᠷ᠎ᠠ  ᠲᠤᠸᠠᠴᠤᠳ ᠤᠨ ᠠᠩ ᠠᠩᠨᠠᠭᠤᠷ ᠭᠡᠬᠦ ᠮᠡᠲᠦ ᠠᠵᠤ ᠠᠬᠤᠢ ᠶᠢ ᠮᠠᠰᠢ ᠰᠠᠶᠢᠨ ᠲᠣᠳᠣᠳᠬᠠᠨ ᠭᠠᠷᠭᠠᠵᠤ ᠥᠭᠳᠡᠭ᠃ ᠵᠥᠪᠯᠡᠯᠲᠦ ᠬᠣᠯᠪᠣᠭᠠᠲᠤ ᠤᠯᠤᠰ ᠶᠢᠨ ᠦᠶ᠎ᠡ ᠳᠦ ᠪᠤᠭᠤ ᠰᠢᠳᠢᠷ᠎ᠠ  ᠶᠢ ᠠᠯᠤᠰ ᠬᠥᠳᠡᠭᠡ ᠠᠶᠢᠮᠠᠭ ᠲᠤ ᠯᠠ ᠬᠠᠶᠠ ᠨᠢᠭᠡ ᠬᠠᠷᠠᠳᠠᠭ ᠪᠠᠶᠢᠭᠰᠠᠨ ᠪᠣᠯ ᠣᠳᠣ ᠰᠤᠷᠭᠠᠭᠤᠯᠢ᠂ ᠴᠡᠴᠡᠷᠯᠢᠭ ᠲᠦ ᠵᠢᠭᠠᠳᠠᠭ ᠪᠣᠯᠤᠭᠰᠠᠨ᠃ ᠪᠢᠳᠡ ᠤᠯᠠᠮ ᠬᠥᠭᠵᠢᠭᠦᠯᠬᠦ ᠪᠣᠯᠤᠨ᠎ᠠ ᠭᠡᠵᠦ ᠶᠠᠷᠢᠭᠰᠠᠨ ᠪᠠᠶᠢᠨ᠎ᠠ᠃

ᠰᠡᠳᠬᠢᠭᠳᠡᠯ ᠦᠯᠡᠳᠡᠭᠡᠬᠦ