ᠨᠡᠶᠢᠰᠯᠡᠯ ᠳᠦ ᠦᠨᠡᠲᠦ ᠴᠠᠭᠠᠰᠤᠨ ᠤ ᠪᠤᠨᠳ᠋ ᠭᠠᠷᠭᠠᠨ᠎ᠠ  | News.MN

ᠨᠡᠶᠢᠰᠯᠡᠯ ᠳᠦ ᠦᠨᠡᠲᠦ ᠴᠠᠭᠠᠰᠤᠨ ᠤ ᠪᠤᠨᠳ᠋ ᠭᠠᠷᠭᠠᠨ᠎ᠠ 

 

ᠨᠡᠶᠢᠰᠯᠡᠯ ᠦᠨ ᠢᠷᠭᠡᠳ ᠦᠨ ᠲᠥᠯᠥᠭᠡᠯᠡᠭᠴᠢᠳ ᠦᠨ ᠬᠤᠷᠠᠯ ᠤᠨ ᠲᠡᠷᠢᠭᠦᠯᠡᠭᠴᠢᠳ ᠥᠨᠥᠳᠥᠷ ᠬᠤᠷᠠᠯᠳᠤᠵᠤ᠂ ᠨᠡᠶᠢᠰᠯᠡᠯ ᠳᠦ ᠦᠨᠡᠲᠦ ᠴᠠᠭᠠᠰᠤᠨ ᠤ ᠪᠤᠨᠳ᠋ ᠭᠠᠷᠭᠠᠬᠤ ᠠᠵᠢᠯ ᠤᠨ ᠬᠡᠰᠡᠭ ᠪᠠᠶᠢᠭᠤᠯᠬᠤ ᠲᠤᠬᠠᠢ ᠬᠡᠯᠡᠯᠴᠡᠨ ᠪᠠᠲᠤᠯᠠᠯ᠎ᠠ᠃

ᠨᠡᠶᠢᠰᠯᠡᠯ ᠳᠦ ᠪᠤᠨᠳ᠋ ᠭᠠᠷᠭᠠᠬᠤ ᠠᠵᠢᠯ ᠤᠨ ᠬᠡᠰᠡᠭ ᠲᠦ ᠵᠠᠰᠠᠭ ᠤᠨ ᠭᠠᠵᠠᠷ ᠤᠨ ᠬᠡᠷᠡᠭ ᠡᠷᠬᠢᠯᠡᠬᠦ ᠭᠠᠵᠠᠷ᠂ ᠰᠠᠩ ᠤᠨ ᠶᠠᠮᠤᠨ᠂ ᠮᠣᠩᠭᠣᠯ ᠪᠠᠩᠬᠢ᠂ ᠰᠠᠩᠬᠦᠦ ᠶᠢᠨ ᠵᠣᠬᠢᠴᠠᠭᠤᠯᠬᠤ ᠬᠣᠷᠢᠶ᠎ᠠ᠂ ᠨᠡᠶᠢᠰᠯᠡᠯ ᠦᠨ ᠵᠠᠰᠠᠭ ᠳᠠᠷᠤᠭ᠎ᠠ ᠶᠢᠨ ᠲᠠᠮᠠᠭ᠎ᠠ ᠶᠢᠨ ᠭᠠᠵᠠᠷ ᠤᠨ ᠲᠥᠯᠥᠭᠡᠯᠡᠯ᠂ ᠨᠡᠶᠢᠰᠯᠡᠯ ᠦᠨ ᠢᠷᠭᠡᠳ ᠦᠨ ᠲᠥᠯᠥᠭᠡᠯᠡᠭᠴᠢᠳ ᠦᠨ ᠬᠤᠷᠠᠯ ᠤᠨ ᠲᠡᠷᠢᠭᠦᠯᠡᠭᠴᠢᠳ ᠡᠴᠡ ᠲᠥᠯᠥᠭᠡᠯᠡᠯ ᠠᠵᠢᠯᠯᠠᠨ᠎ᠠ᠃ ᠠᠵᠢᠯ ᠤᠨ ᠬᠡᠰᠡᠭ ᠨᠢ ᠪᠤᠨᠳ᠋ ᠭᠠᠷᠭᠠᠬᠤ ᠪᠣᠯᠤᠮᠵᠢ ᠶᠢᠨ ᠲᠠᠯ᠎ᠠ ᠪᠠᠷ ᠰᠤᠳᠤᠯᠤᠨ᠂ ᠰᠤᠳᠤᠯᠭᠠᠨ ᠤ ᠦᠷ᠎ᠡ  ᠳ᠋ᠦᠩ ᠢ ᠨᠡᠶᠢᠰᠯᠡᠯ ᠦᠨ ᠢᠷᠭᠡᠳ ᠦᠨ ᠲᠥᠯᠥᠭᠡᠯᠡᠭᠴᠢᠳ ᠦᠨ ᠬᠤᠷᠠᠯ ᠳᠦ ᠡᠨᠡ ᠣᠨ ᠤ ᠬᠣᠶᠠᠳᠤᠭᠠᠷ ᠤᠯᠠᠷᠢᠯ ᠳᠤ ᠪᠠᠭᠲᠠᠭᠠᠨ ᠲᠠᠨᠢᠯᠴᠠᠭᠤᠯᠤᠨ᠎ᠠ ᠭᠡᠳᠡᠭ ᠢ ᠨᠡᠶᠢᠰᠯᠡᠯ ᠦᠨ ᠵᠠᠰᠠᠭ ᠳᠠᠷᠤᠭ᠎ᠠ ᠶᠢᠨ ᠨᠢᠭᠡᠳᠦᠭᠡᠷ ᠣᠷᠣᠯᠠᠭᠴᠢ ᠵ∙ᠰᠠᠨᠳᠠᠭᠰᠦ᠋ᠷᠤᠩ ᠬᠡᠯᠡᠵᠦ ᠪᠠᠶᠢᠯ᠎ᠠ᠃ ᠨᠡᠶᠢᠰᠯᠡᠯ ᠦᠨ ᠢᠷᠭᠡᠳ ᠦᠨ ᠲᠥᠯᠥᠭᠡᠯᠡᠭᠴᠢᠳ ᠦᠨ ᠬᠤᠷᠠᠯ ᠤᠨ ᠳᠠᠷᠤᠭ᠎ᠠ ᠵ∙ᠪᠠᠲᠤᠪᠠᠶᠠᠰᠬᠤᠯᠠᠩ᠄ 10 ᠭᠠᠷᠤᠢ ᠬᠦᠮᠦᠨ ᠦ ᠪᠦᠷᠢᠯᠳᠦᠬᠦᠨ ᠲᠡᠢ ᠲᠣᠮᠣ ᠠᠵᠢᠯ ᠤᠨ ᠬᠡᠰᠡᠭ ᠪᠠᠶᠢᠭᠤᠯᠵᠤ ᠪᠠᠶᠢᠨ᠎ᠠ᠃ ᠡᠶᠢᠮᠦ ᠡᠴᠡ ᠡᠨᠡ ᠴᠢᠬᠤᠯᠠ ᠠᠵᠢᠯ ᠳᠤ ᠬᠠᠷᠢᠭᠤᠴᠠᠯᠭ᠎ᠠ ᠲᠠᠢ ᠬᠠᠨᠳᠤᠬᠤ ᠬᠡᠷᠡᠭᠲᠡᠢ᠃ ᠨᠡᠶᠢᠰᠯᠡᠯ ᠦᠨ ᠢᠷᠭᠡᠳ ᠦᠨ ᠲᠥᠯᠥᠭᠡᠯᠡᠭᠴᠢᠳ ᠦᠨ ᠬᠤᠷᠠᠯ ᠤᠨ ᠲᠡᠷᠢᠭᠦᠯᠡᠭᠴᠢᠳ ᠬᠢᠨᠠᠯᠲᠠ ᠲᠠᠯᠪᠢᠬᠤ ᠶᠣᠰᠣᠲᠠᠢ ᠭᠡᠪᠡ᠃

ᠰᠡᠳᠬᠢᠭᠳᠡᠯ ᠦᠯᠡᠳᠡᠭᠡᠬᠦ