ᠤᠷᠠᠨ ᠬᠠᠳᠬᠤᠮᠠᠯ ᠢᠶᠠᠷ ᠣᠯᠠᠨ ᠤᠯᠤᠰ  ᠠᠴᠠ ᠱᠠᠩᠨᠠᠯ ᠬᠦᠷᠲᠡᠵᠡᠢ | News.MN

ᠤᠷᠠᠨ ᠬᠠᠳᠬᠤᠮᠠᠯ ᠢᠶᠠᠷ ᠣᠯᠠᠨ ᠤᠯᠤᠰ  ᠠᠴᠠ ᠱᠠᠩᠨᠠᠯ ᠬᠦᠷᠲᠡᠵᠡᠢ

 

ᠹᠷᠠᠨᠼᠢ ᠤᠯᠤᠰ ᠲᠤ ᠲᠥᠪ ᠲᠡᠢ ᠣᠯᠠᠨ ᠤᠯᠤᠰ ᠤᠨ ᠶᠡᠬᠡ ᠳᠡᠭᠡᠳᠦ ᠰᠤᠷᠭᠠᠭᠤᠯᠢ ᠨᠤᠭᠤᠳ ᠤᠨ ᠠᠬᠠᠮᠠᠳ ᠤᠨ ᠬᠣᠯᠪᠣᠭᠠᠨ ᠠᠴᠠ ᠠᠬᠠᠮᠠᠳ ᠤᠳ ᠤᠨ ᠳᠤᠮᠳᠠ ᠵᠣᠬᠢᠶᠠᠨ ᠪᠠᠶᠢᠭᠤᠯᠤᠭᠰᠠᠨ 《ᠢᠳᠡᠪᠬᠢᠲᠡᠢ ᠠᠮᠢᠳᠤᠷᠠᠯ》 ᠰᠡᠳᠦᠪᠲᠦ ᠣᠯᠠᠨ ᠤᠯᠤᠰ ᠤᠨ ᠴᠠᠬᠢᠮ ᠤᠷᠤᠯᠳᠤᠭᠠᠨ ᠳᠤ ᠰᠠᠶᠢᠨᠱᠠᠩᠳᠠ ᠰᠤᠮᠤ ᠶᠢᠨ ᠠᠬᠠᠮᠠᠳ ᠨᠠᠰᠤᠲᠠᠨ ᠨ ∙ ᠨᠠᠷᠠᠨᠲᠤᠶᠠᠭ᠎ᠠ ᠤᠷᠠᠨ ᠬᠠᠳᠬᠤᠮᠠᠯ ᠤᠨ ᠲᠥᠷᠥᠯ ᠢᠶᠡᠷ ᠠᠮᠵᠢᠯᠲᠠᠲᠠᠢ ᠣᠷᠣᠯᠴᠠᠵᠤ᠂ ᠳᠡᠳ᠋ ᠪᠠᠶᠢᠷᠢ ᠶᠢᠨ ᠱᠠᠩᠨᠠᠯ ᠬᠦᠷᠲᠡᠵᠡᠢ᠃
ᠲᠡᠷᠡ ᠪᠡᠷ 《ᠪᠣᠭᠳᠠ ᠶᠢᠨ ᠳᠠᠯᠢᠩ ᠤᠨ ᠬᠡ》 ᠭᠡᠵᠦ ᠠᠯᠳᠠᠷᠰᠢᠭᠰᠠᠨ ᠬᠡ ᠶᠢ ᠳᠠᠯᠢᠩ ᠳᠡᠭᠡᠷ᠎ᠡ ᠵᠡᠭᠦᠬᠦ ᠣᠷᠢᠶᠠᠬᠤ ᠬᠡᠯᠪᠡᠷᠢ ᠪᠡᠷ ᠬᠠᠳᠬᠤᠵᠤ ᠬᠢᠭᠰᠡᠨ ᠪᠦᠲᠦᠭᠡᠯ ᠦᠨ ᠢᠶᠡᠨ ᠵᠢᠷᠤᠭ᠂ ᠪᠢᠴᠢᠯᠭᠡ ᠶᠢ ᠲᠤᠬᠠᠢ ᠶᠢᠨ ᠤᠷᠤᠯᠳᠤᠭᠠᠨ ᠳᠤ ᠢᠯᠡᠭᠡᠭᠰᠡᠨ ᠢᠶᠡᠷ ᠡᠶᠢᠨ ᠰᠢᠯᠭᠠᠷᠠᠭᠰᠠᠨ ᠪᠠᠶᠢᠨ᠎ᠠ᠃ ᠲᠡᠭᠦᠨ ᠦ ᠱᠠᠩᠨᠠᠯ ᠢ ᠠᠶᠢᠮᠠᠭ ᠤᠨ ᠵᠠᠰᠠᠭ ᠳᠠᠷᠤᠭ᠎ᠠ ᠣ᠊ ∙ ᠪᠠᠲᠤᠵᠢᠷᠭᠠᠯ ᠭᠠᠷᠳᠠᠭᠤᠯᠤᠭᠰᠠᠨ ᠶᠤᠮ᠃  ᠨ ∙ ᠨᠠᠷᠠᠨᠲᠤᠶᠠᠭ᠎ᠠ᠄ ᠮᠣᠩᠭᠣᠯ ᠤᠨ ᠥᠪ ᠰᠤᠶᠤᠯ ᠦᠨᠡᠬᠡᠷ ᠪᠠᠶᠠᠯᠢᠭ᠃ ᠡᠭᠦᠨ ᠦ ᠥᠴᠥᠬᠡᠨ ᠬᠡᠰᠡᠭ ᠵᠡᠭᠦᠦ ᠣᠷᠢᠶᠠᠬᠤ ᠲᠥᠷᠥᠯ ᠢᠶᠡᠷ ᠪᠦᠲᠦᠭᠡᠯ ᠢᠶᠡᠨ ᠤᠷᠠᠯᠠᠭᠰᠠᠨ᠃ ᠬᠣᠶᠢᠴᠢ ᠦᠶ᠎ᠡ ᠵᠠᠯᠠᠭᠤᠰ ᠮᠠᠨᠢ ᠮᠣᠩᠭᠣᠯ ᠤᠨ ᠢᠶᠠᠨ ᠥᠪ ᠰᠤᠶᠤᠯ ᠠᠴᠠ ᠰᠤᠷᠤᠯᠴᠠᠵᠤ ᠵᠡᠭᠦᠦ ᠣᠷᠢᠶᠠᠵᠤ᠂ ᠤᠷᠠᠨ ᠬᠠᠳᠬᠤᠮᠠᠯ ᠤᠷᠠᠯᠠᠵᠤ ᠰᠤᠷᠪᠠᠯ ᠪᠣᠯᠤᠮᠵᠢ ᠶᠡᠬᠡ ᠪᠠᠶᠢᠭ᠎ᠠ ᠭᠡᠪᠡ᠃

ᠰᠡᠳᠬᠢᠭᠳᠡᠯ ᠦᠯᠡᠳᠡᠭᠡᠬᠦ