ᠳ ∙ᠪᠠᠲᠤᠭᠡᠷᠡᠯ UFC-261 ᠲᠡᠮᠡᠴᠡᠭᠡᠨ ᠳᠦ ᠤᠷᠤᠯᠴᠠᠨ᠎ᠠ | News.MN

ᠳ ∙ᠪᠠᠲᠤᠭᠡᠷᠡᠯ UFC-261 ᠲᠡᠮᠡᠴᠡᠭᠡᠨ ᠳᠦ ᠤᠷᠤᠯᠴᠠᠨ᠎ᠠ

 

ᠮᠣᠩᠭᠣᠯ ᠲᠤᠯᠤᠭᠠᠨᠴᠢ ᠳ∙ᠪᠠᠲᠤᠭᠡᠷᠡᠯ ᠢᠷᠡᠬᠦ ᠳᠥᠷᠪᠡᠳᠦᠭᠡᠷ ᠰᠠᠷ᠎ᠠ ᠶᠢᠨ 24 ᠍ ᠳᠦ ᠪᠣᠯᠬᠤ UFC-261 ᠲᠡᠮᠡᠴᠡᠭᠡᠨ ᠳᠦ ᠠᠮᠧᠷᠢᠺᠠ ᠲᠤᠯᠤᠭᠠᠨᠴᠢ ᠺᠧᠸᠢᠨ ᠨᠠᠲ᠋ᠢᠸᠢᠳᠠᠳ᠋ ᠲᠠᠢ ᠲᠤᠯᠤᠯᠳᠤᠬᠤ ᠪᠠᠷ ᠪᠣᠯᠵᠠᠢ᠃ ᠮᠡᠷᠭᠡᠵᠢᠯ ᠦᠨ ᠬᠣᠯᠢᠮᠠᠭ ᠲᠤᠯᠤᠭᠠᠨ ᠤ ᠳᠡᠯᠡᠬᠡᠢ ᠶᠢᠨ ᠬᠠᠮᠤᠭ ᠤᠨ ᠰᠢᠯᠢᠳᠡᠭ ᠬᠣᠯᠪᠣᠭ᠎ᠠ ᠪᠣᠯᠬᠤ UFC ᠍ ᠳᠦ ᠲᠤᠯᠤᠯᠳᠤᠵᠤ ᠪᠤᠢ ᠮᠣᠩᠭᠣᠯ ᠤᠯᠤᠰ ᠤᠨ ᠠᠩᠬᠠᠨ ᠤ ᠲᠠᠮᠢᠷᠴᠢᠨ ᠳ∙ᠪᠠᠲᠤᠭᠡᠷᠡᠯ  ᠦᠨ ᠳᠠᠷᠠᠭ᠎ᠠ ᠶᠢᠨ ᠲᠤᠯᠤᠭᠠᠨ ᠤ  ᠲᠤᠪ ᠡᠶᠢᠨᠬᠦᠦ ᠭᠠᠷᠤᠭᠰᠠᠨ ᠪᠠᠶᠢᠨ᠎ᠠ᠃
ᠳ∙ᠪᠠᠲᠤᠭᠡᠷᠡᠯ 31 ᠨᠠᠰᠤᠲᠠᠢ ᠪᠥᠭᠡᠳ 2020 ᠣᠨ ᠤ 10 ᠳ᠋ᠤᠭᠠᠷ ᠰᠠᠷ᠎ᠠ ᠳᠤ ᠺᠠᠢᠯᠧᠷ ᠹᠢᠯᠢᠫᠰ ᠲᠡᠢ ᠲᠤᠯᠤᠯᠳᠤᠬᠤ ᠪᠠᠶᠢᠭᠰᠠᠨ ᠴᠤ ᠮᠣᠩᠭᠣᠯ ᠤᠯᠤᠰ ᠤᠨ ᠬᠢᠯᠢ ᠬᠠᠭᠠᠯᠲᠠᠲᠠᠢ ᠪᠠᠶᠢᠭᠰᠠᠨ ᠠᠴᠠ ᠤᠭ ᠲᠤᠯᠤᠭᠠᠨ ᠴᠤᠴᠠᠯᠠᠭᠳᠠᠭᠰᠠᠨ ᠶᠤᠮ᠃

ᠰᠡᠳᠬᠢᠭᠳᠡᠯ ᠦᠯᠡᠳᠡᠭᠡᠬᠦ