︽ᠪᠢᠴᠢᠭ ᠰᠤᠶᠤᠯ︾ᠪᠦᠲᠦᠭᠡᠯ ᠦᠨ ᠦᠵᠡᠰᠬᠦᠯᠡᠩ ᠳᠡᠯᠭᠡᠪᠡ  | News.MN

︽ᠪᠢᠴᠢᠭ ᠰᠤᠶᠤᠯ︾ᠪᠦᠲᠦᠭᠡᠯ ᠦᠨ ᠦᠵᠡᠰᠬᠦᠯᠡᠩ ᠳᠡᠯᠭᠡᠪᠡ 

 

︽ᠮᠣᠩᠭᠣᠯ ᠪᠢᠴᠢᠭ ᠦᠨ ᠦᠨᠳᠦᠰᠦᠨ ᠦ ᠬᠥᠲᠥᠯᠪᠦᠷᠢ ᠶᠢ ᠬᠡᠷᠡᠭᠵᠢᠭᠦᠯᠬᠦ᠂ ᠡᠬᠡ ᠬᠡᠯᠡ ᠪᠡᠨ ᠳᠡᠭᠡᠳᠦᠯᠡᠨ ᠳᠡᠯᠭᠡᠷᠡᠭᠦᠯᠦᠭᠴᠢ ᠬᠠᠮᠲᠤ ᠣᠯᠠᠨ ᠪᠣᠯᠬᠤ︾ ᠵᠣᠷᠢᠯᠭ᠎ᠠ ᠪᠠᠷ ᠬᠥᠪᠰᠥᠭᠥᠯ ᠠᠶᠢᠮᠠᠭ ᠤᠨ ᠮᠥᠷᠡᠨ ᠰᠤᠮᠤ ᠶᠢᠨ ︽ᠲᠢᠲᠢᠮ︾ ᠶᠡᠷᠦᠩᠬᠡᠢ ᠪᠣᠯᠪᠠᠰᠤᠷᠠᠯ ᠤᠨ ᠰᠤᠷᠭᠠᠭᠤᠯᠢ ᠶᠢᠨ 105 ᠪᠠᠭᠰᠢ᠂ ᠠᠵᠢᠯᠴᠢᠳ ᠡᠬᠡ ᠬᠡᠯᠡᠨ ᠦ 7 ᠪᠠᠭᠰᠢ ᠳᠤ ᠪᠠᠨ ᠲᠦᠰᠢᠭᠯᠡᠨ 5 ᠰᠠᠷ᠎ᠠ ᠶᠢᠨ ᠲᠤᠷᠰᠢᠳᠠ ᠮᠣᠩᠭᠣᠯ ᠪᠢᠴᠢᠭ ᠢᠶᠡᠨ ᠰᠡᠷᠭᠦᠭᠡᠨ ᠰᠤᠷᠴᠤ᠂ ᠦᠷ᠎ᠡ  ᠳ᠋ᠦᠩ ᠠᠬᠢᠴᠠ ᠠᠮᠵᠢᠯᠲᠠ ᠪᠠᠨ ᠨᠡᠶᠢᠲᠡ ᠳᠦ ᠲᠠᠶᠢᠯᠤᠩᠨᠠᠯ᠎ᠠ᠃
ᠲᠤᠰ ᠬᠠᠮᠲᠤ ᠣᠯᠠᠨ ᠤ 90 ᠬᠤᠪᠢ ᠨᠢ ᠦᠨᠳᠦᠰᠦᠨ ᠦ ᠪᠢᠴᠢᠭ ᠢᠶᠡᠷ ᠢᠶᠡᠨ ᠤᠩᠰᠢᠵᠤ ᠰᠤᠷᠤᠭᠰᠠᠨ᠂ 80 ᠬᠤᠪᠢ ᠨᠢ ᠵᠥᠪ᠂ ᠬᠢᠴᠢᠶᠡᠩᠭᠦᠢ ᠬᠠᠭᠤᠯᠤᠨ ᠪᠢᠴᠢᠵᠦ᠂ 70 ᠬᠤᠪᠢ ᠨᠢ ᠲᠣᠯᠢ ᠪᠢᠴᠢᠭ ᠠᠰᠢᠭᠯᠠᠨ ᠴᠠᠬᠢᠮ ᠤᠷᠴᠢᠨ ᠳᠤ᠂ ᠭᠠᠷ ᠤᠲᠠᠰᠤᠨ ᠤ ᠬᠡᠷᠡᠭᠯᠡᠭᠦᠷ ᠳᠡᠭᠡᠷ᠎ᠡ ᠮᠣᠩᠭᠣᠯ ᠪᠢᠴᠢᠭ ᠢᠶᠡᠷ ᠡᠬᠡ ᠰᠢᠪᠡᠵᠦ ᠰᠤᠷᠤᠭᠰᠠᠨ ᠪᠠᠶᠢᠨ᠎ᠠ᠃ ᠮᠣᠩᠭᠣᠯ ᠬᠡᠯᠡ ᠪᠢᠴᠢᠭ ᠦᠨ 7 ᠪᠠᠭᠰᠢ ᠨᠢ ᠪᠠᠭᠰᠢ ᠠᠵᠢᠯᠲᠠᠳ ᠢᠶᠠᠨ ᠰᠣᠨᠢᠷᠬᠠᠯ ᠢᠶᠠᠷ ᠨᠢ 7 ᠪᠦᠯᠦᠭ ᠲᠦ ᠬᠤᠪᠢᠶᠠᠨ ᠥᠩᠭᠡᠷᠡᠭᠰᠡᠨ ᠣᠨ ᠤ 10 ᠳ᠋ᠤᠭᠠᠷ ᠰᠠᠷ᠎ᠠ ᠠᠴᠠ ᠬᠣᠶᠢᠰᠢ ᠲᠠᠩᠬᠢᠮ ᠢᠶᠠᠷ ᠪᠣᠯᠤᠨ ᠴᠠᠬᠢᠮ ᠢᠶᠠᠷ ᠦᠨᠳᠦᠰᠦᠨ ᠦ ᠪᠢᠴᠢᠭ ᠢᠶᠡᠨ ᠵᠢᠭᠠᠨ ᠰᠤᠷᠭᠠᠵᠤ ᠥᠨᠥᠳᠥᠷ ᠶᠠᠪᠤᠴᠠ᠂ ᠦᠷ᠎ᠡ ᠳ᠋ᠦᠩ ᠢᠶᠡᠨ ᠲᠠᠶᠢᠯᠤᠩᠨᠠᠵᠤ ᠪᠠᠶᠢᠨ᠎ᠠ᠃ ᠲᠤᠰ ᠦᠵᠡᠰᠬᠦᠯᠡᠩ ᠳᠦ 105 ᠪᠠᠭᠰᠢ᠂ ᠠᠵᠢᠯᠲᠠᠨ ᠤ 210 ᠳᠡᠪᠲᠡᠷ᠂ ᠴᠠᠬᠢᠮ ᠳᠤ ᠰᠢᠪᠡᠵᠦ ᠪᠡᠯᠡᠳᠬᠡᠭᠰᠡᠨ 260 ᠦᠵᠡᠭᠦᠯᠦᠨ᠂ 110 ᠬᠢᠴᠢᠶᠡᠩᠭᠦᠢ ᠪᠢᠴᠢᠭ᠂ ᠤᠷᠠᠨ ᠪᠢᠴᠢᠯᠭᠡ ᠶᠢᠨ ᠪᠦᠲᠦᠭᠡᠯ ᠦᠳ ᠢ ᠳᠡᠯᠭᠡᠨ ᠲᠠᠯᠪᠢᠭᠰᠠᠨ ᠪᠠᠶᠢᠨ᠎ᠠ᠃

ᠰᠡᠳᠬᠢᠭᠳᠡᠯ ᠦᠯᠡᠳᠡᠭᠡᠬᠦ