︽ᠪᠣᠭᠳᠠ ᠬᠠᠨ ᠲᠡᠮᠦᠷ ᠵᠠᠮ︾ᠲᠥᠰᠥᠯ ᠢ  ᠬᠡᠷᠡᠭᠵᠢᠭᠦᠯᠦᠨ᠎ᠡ | News.MN

︽ᠪᠣᠭᠳᠠ ᠬᠠᠨ ᠲᠡᠮᠦᠷ ᠵᠠᠮ︾ᠲᠥᠰᠥᠯ ᠢ  ᠬᠡᠷᠡᠭᠵᠢᠭᠦᠯᠦᠨ᠎ᠡ

 

ᠶᠡᠷᠦᠩᠬᠡᠢ ᠰᠠᠶᠢᠳ ᠯ∙ᠣᠶᠤᠨ-ᠡᠷᠳᠡᠨᠢ᠂ ᠵᠠᠮ ᠲᠡᠭᠡᠭᠡᠪᠦᠷᠢ ᠶᠢᠨ ᠬᠥᠭᠵᠢᠯ ᠦᠨ ᠰᠠᠶᠢᠳ ᠯ∙ᠬᠠᠯᠲᠠᠷ᠂ ᠪᠠᠷᠢᠯᠭ᠎ᠠ ᠬᠣᠲᠠ ᠪᠠᠶᠢᠭᠤᠯᠤᠯᠲᠠ ᠶᠢᠨ ᠰᠠᠶᠢᠳ ᠪ∙ᠮᠥᠩᠬᠡᠪᠠᠭᠠᠲᠤᠷ ᠨᠠᠷ︽ᠪᠣᠭᠳᠠ ᠬᠠᠨ ᠲᠡᠮᠦᠷ ᠵᠠᠮ︾ ᠤᠨ ᠲᠷᠠᠰᠰ ᠪᠣᠯᠤᠨ ᠤᠯᠠᠭᠠᠨᠪᠠᠭᠠᠲᠤᠷ ᠲᠡᠮᠦᠷ ᠵᠠᠮ ᠤᠨ ᠦᠢᠯᠡ ᠠᠵᠢᠯᠯᠠᠭ᠎ᠠ ᠲᠠᠢ ᠲᠠᠨᠢᠯᠴᠠᠯ᠎ᠠ᠃ ᠪᠣᠭᠳᠠ ᠠᠭᠤᠯᠠ ᠶᠢᠨ ᠤᠷᠳᠤᠭᠤᠷ 104 ᠺᠢᠯᠣᠮᠧᠲ᠋ᠷ ᠲᠡᠮᠦᠷ ᠵᠠᠮ ᠰᠢᠨ᠎ᠡ ᠪᠡᠷ ᠲᠠᠯᠪᠢᠬᠤ ᠲᠣᠭᠠᠴᠠᠭ᠎ᠠ ᠭᠠᠷᠴᠠᠢ᠃
ᠡᠨᠡ ᠲᠥᠰᠥᠯ ᠢ ᠬᠡᠷᠡᠭᠵᠢᠭᠦᠯᠦᠭᠰᠡᠨ ᠢᠶᠡᠷ ᠤᠯᠠᠭᠠᠨᠪᠠᠭᠠᠲᠤᠷ ᠬᠣᠲᠠ ᠪᠠᠷ ᠳᠠᠭᠠᠷᠢᠵᠤ ᠥᠩᠭᠡᠷᠡᠬᠦ ᠲᠡᠮᠦᠷ ᠵᠠᠮ ᠤᠨ ᠲᠡᠭᠡᠭᠡᠪᠦᠷᠢ 60 ᠬᠤᠪᠢ ᠪᠠᠷ ᠪᠠᠭᠤᠷᠠᠨ᠎ᠠ᠃ ᠲᠥᠰᠥᠯ ᠦᠨ ᠲᠧᠭᠨᠢᠭ ᠡᠳ᠋ ᠍ ᠦᠨ ᠵᠠᠰᠠᠭ ᠤᠨ ᠦᠨᠳᠦᠰᠦᠯᠡᠯ ᠢ ᠪᠣᠯᠪᠠᠰᠤᠷᠠᠭᠤᠯᠬᠤ 1.5 ᠰᠠᠶ᠎ᠠ ᠳ᠋ᠣᠯᠯᠠᠷ ᠤᠨ ᠥᠷᠲᠡᠭ ᠲᠡᠢ ᠣᠯᠠᠨ ᠤᠯᠤᠰ ᠤᠨ ᠲᠧᠨᠳᠧᠷ ᠢ ᠠᠽᠢᠶ᠎ᠠ ᠶᠢᠨ ᠬᠥᠭᠵᠢᠯ ᠦᠨ ᠪᠠᠩᠬᠢᠨ ᠠᠴᠠ ᠵᠠᠷᠯᠠᠴᠢᠬᠠᠭᠰᠠᠨ ᠪᠠ ᠵᠢᠯ ᠣᠷᠴᠢᠮ ᠤᠨ ᠳᠠᠷᠠᠭ᠎ᠠ ᠪᠡᠯᠡᠨ ᠪᠣᠯᠤᠨ᠎ᠠ᠃

ᠰᠡᠳᠬᠢᠭᠳᠡᠯ ᠦᠯᠡᠳᠡᠭᠡᠬᠦ