ᠬᠢᠯᠢ ᠶᠢᠨ ᠴᠠᠭᠠᠨ᠎ᠠ ᠪᠠᠢᠭ᠎ᠠ ᠢᠷᠭᠡᠳ ᠲᠦ ᠳᠡᠮᠵᠢᠯᠭᠡ ᠦᠵᠡᠭᠦᠯᠬᠦ ᠪᠡᠷ ᠪᠣᠯᠵᠠᠢ  | News.MN

ᠬᠢᠯᠢ ᠶᠢᠨ ᠴᠠᠭᠠᠨ᠎ᠠ ᠪᠠᠢᠭ᠎ᠠ ᠢᠷᠭᠡᠳ ᠲᠦ ᠳᠡᠮᠵᠢᠯᠭᠡ ᠦᠵᠡᠭᠦᠯᠬᠦ ᠪᠡᠷ ᠪᠣᠯᠵᠠᠢ 

 

ᠬᠢᠯᠢ ᠶᠢᠨ ᠴᠢᠨᠠᠳᠤ ᠳᠤ ᠪᠠᠶᠢᠭ᠎ᠠ ᠮᠣᠩᠭᠣᠯ ᠤᠯᠤᠰ ᠤᠨ ᠢᠷᠭᠡᠳ ᠲᠦ ᠲᠤᠰᠠᠯᠠᠬᠤ ᠰᠠᠩ ᠤᠨ ᠵᠥᠪᠯᠡᠯ ᠦᠨ ᠡᠭᠡᠯᠵᠢᠲᠦ ᠬᠤᠷᠯ ᠥᠴᠥᠭᠡᠳᠦᠷ ᠪᠣᠯᠵᠠᠢ᠃ ᠬᠤᠷᠠᠯᠳᠤᠭᠠᠨ ᠢ ᠭᠠᠳᠠᠭᠠᠳᠤ ᠬᠠᠷᠢᠯᠴᠠᠭᠠᠨ ᠤ ᠰᠠᠶᠢᠳ ᠪᠥᠭᠡᠳ ᠢᠷᠭᠡᠳ ᠲᠦ ᠲᠤᠰᠠᠯᠠᠬᠤ ᠰᠠᠩ ᠤᠨ ᠵᠥᠪᠯᠡᠯ ᠦᠨ ᠳᠠᠷᠤᠭ᠎ᠠ ᠪ∙ᠪᠠᠲᠤᠴᠡᠴᠡᠭ ᠤᠳᠤᠷᠢᠳᠤᠨ ᠶᠠᠪᠤᠭᠤᠯᠤᠭᠰᠠᠨ ᠪᠠᠶᠢᠨ᠎ᠠ᠃ ᠡᠨᠡ ᠤᠳᠠᠭ᠎ᠠ ᠶᠢᠨ ᠬᠤᠷᠠᠯ ᠢᠶᠠᠷ ᠴᠠᠷ᠎ᠠ ᠲᠠᠬᠤᠯ ᠤᠨ ᠤᠯᠠᠮ ᠠᠴᠠ ᠬᠢᠯᠢ ᠶᠢᠨ ᠴᠢᠨᠠᠳᠤ ᠳᠤ ᠰᠠᠩᠬᠦᠦ ᠶᠢᠨ ᠬᠦᠨᠳᠦᠷᠡᠯ ᠳᠦ ᠣᠷᠣᠭᠰᠠᠨ ᠢᠷᠭᠡᠳ ᠢ ᠨᠤᠲᠤᠭ ᠪᠤᠴᠠᠭᠠᠬᠤ᠂ ᠲᠡᠳᠡᠭᠡᠷ ᠦᠨ ᠲᠤᠰᠠᠭᠠᠷᠯᠠᠬᠤ ᠪᠠᠶᠢᠷᠢᠨ ᠤ ᠵᠠᠷᠤᠳᠠᠯ ᠢ ᠭᠠᠷᠭᠠᠬᠤ᠂ ᠺᠦᠪᠠ ᠤᠯᠤᠰ ᠲᠤ ᠬᠦᠨᠡᠰᠦᠨ ᠦ ᠬᠣᠮᠰᠠᠳᠠᠯ ᠳᠤ ᠣᠷᠣᠭᠰᠠᠨ᠂ ᠬᠦᠨᠳᠦᠷᠡᠯᠲᠡᠢ ᠨᠥᠬᠥᠴᠡᠯ ᠳᠦ ᠪᠠᠶᠢᠭ᠎ᠠ 19 ᠣᠶᠤᠲᠠᠨ ᠳᠤ ᠬᠦᠨᠡᠰᠦ᠂ ᠣᠶᠢᠷ᠎ᠠ ᠶᠢᠨ ᠬᠡᠷᠡᠭᠯᠡᠭᠡᠨ ᠦ ᠡᠳ᠋ ᠵᠦᠢᠯᠡᠰ ᠣᠯᠭᠣᠬᠤ᠂ ᠮᠥᠨ ᠶᠠᠭᠠᠷᠠᠯᠲᠠᠢ ᠡᠮᠴᠢᠯᠡᠭᠡ ᠬᠢᠯᠭᠡᠵᠦ ᠪᠤᠢ ᠢᠷᠭᠡᠳ ᠦᠨ ᠡᠮᠴᠢᠯᠡᠭᠡᠨ ᠦ ᠵᠠᠷᠤᠳᠠᠯ ᠳᠤ ᠳᠡᠮᠵᠢᠯᠭᠡ ᠦᠵᠡᠭᠦᠯᠬᠦ ᠵᠣᠷᠢᠯᠭ᠎ᠠ ᠪᠠᠷ ᠨᠡᠶᠢᠲᠡ 65 ᠢᠷᠭᠡᠨ ᠦ ᠡᠷᠭᠦᠳᠡᠯ᠂ ᠬᠦᠰᠡᠯᠲᠡ ᠶᠢ ᠬᠡᠯᠡᠯᠴᠡᠵᠦ 75.106.737 ᠲᠥᠭᠥᠷᠢᠭ ᠵᠠᠷᠤᠴᠠᠭᠤᠯᠬᠤ ᠰᠢᠢᠳᠪᠦᠷᠢ ᠭᠠᠷᠭᠠᠵᠠᠢ᠃

ᠰᠡᠳᠬᠢᠭᠳᠡᠯ ᠦᠯᠡᠳᠡᠭᠡᠬᠦ