ᠡᠷᠳᠡᠮᠲᠡᠨ ᠵᠣᠬᠢᠶᠠᠯᠴᠢ ᠲ ∙ ᠰᠤᠯᠲᠠᠨ 20 ᠪᠣᠲᠢ ᠪᠠᠨ ᠣᠯᠠᠨ ᠤ ᠬᠦᠷᠲᠡᠭᠡᠯ ᠪᠣᠯᠭᠠᠯ᠎ᠠ  | News.MN

ᠡᠷᠳᠡᠮᠲᠡᠨ ᠵᠣᠬᠢᠶᠠᠯᠴᠢ ᠲ ∙ ᠰᠤᠯᠲᠠᠨ 20 ᠪᠣᠲᠢ ᠪᠠᠨ ᠣᠯᠠᠨ ᠤ ᠬᠦᠷᠲᠡᠭᠡᠯ ᠪᠣᠯᠭᠠᠯ᠎ᠠ 

 

ᠮᠣᠩᠭᠣᠯ ᠤᠯᠤᠰ ᠤᠨ ᠰᠤᠶᠤᠯ ᠤᠨ ᠭᠠᠪᠢᠶᠠᠲᠤ ᠵᠢᠳᠬᠦᠯᠲᠡᠨ᠂ ᠵᠣᠬᠢᠶᠠᠯᠴᠢ᠂ ᠡᠳ᠋ ᠍ ᠦᠨ ᠵᠠᠰᠠᠭ ᠤᠨ ᠤᠬᠠᠭᠠᠨ ᠤ ᠳ᠋ᠣᠺᠲ᠋ᠣᠷ᠂ ᠫᠷᠣᠹᠧᠰᠰᠣᠷ ᠲ∙ᠰᠤᠯᠲᠠᠨ ᠥᠪᠡᠷ ᠦᠨ ᠪᠦᠲᠦᠭᠡᠯ ᠦᠨ ᠬᠤᠷᠢᠨ ᠪᠣᠲᠢ ᠪᠠᠨ ᠰᠠᠶ᠋ᠢᠬᠠᠨ ᠬᠡᠪᠯᠡᠭᠦᠯᠦᠨ ᠭᠠᠷᠭᠠᠯ᠎ᠠ᠃ ᠤᠭ ᠪᠣᠲᠢ ᠳᠤ︽ᠮᠣᠩᠭᠣᠯ ᠤᠨ ᠨᠢᠭᠤᠴᠠ ᠲᠤᠪᠴᠢᠶᠠᠨ︾᠂ ᠴ∙ᠯᠣᠳᠤᠶᠢᠳᠠᠮᠪᠠ ᠶᠢᠨ︽ᠬᠤᠭᠤᠷᠠᠭ᠎ᠠ ᠦᠭᠡᠢ ᠨᠣᠶᠠᠨ ᠨᠢᠷᠤᠭᠤ︾ᠥᠭᠦᠯᠡᠯᠭᠡ ᠶᠢᠨ ᠬᠠᠰᠠᠭ ᠬᠡᠯᠡ ᠳᠡᠭᠡᠷᠡᠬᠢ ᠣᠷᠴᠢᠭᠤᠯᠭ᠎ᠠ᠂ ᠵᠣᠬᠢᠶᠠᠯᠴᠢ ᠶᠢᠨ ᠰᠡᠭᠦᠯ ᠦᠨ ᠦᠶ᠎ᠡ ᠳᠦ ᠪᠢᠴᠢᠭᠰᠡᠨ ᠰᠢᠨ᠎ᠡ ᠲᠤᠭᠤᠵᠢ᠂ ᠥᠭᠦᠯᠡᠯ ᠦᠳ ᠪᠠᠭᠲᠠᠭᠰᠠᠨ ᠪᠠᠶᠢᠨ᠎ᠠ᠃
ᠲ∙ᠰᠤᠯᠲᠠᠨ ᠨᠢ 1960 ᠍ ᠊ᠭᠠᠳ ᠣᠨ ᠠᠴᠠ ᠤᠷᠠᠨ ᠪᠦᠲᠦᠭᠡᠯ ᠦᠨ ᠵᠠᠮᠨᠠᠯ ᠢᠶᠠᠨ ᠡᠬᠢᠯᠡᠭᠰᠡᠨ᠃ ᠲᠡᠷᠡ ᠪᠡᠷ 50 ᠭᠠᠷᠤᠢ ᠵᠢᠯ ᠦᠨ ᠬᠤᠭᠤᠴᠠᠭᠠᠨ ᠳᠤ ᠲᠤᠭᠤᠷᠪᠢᠭᠰᠠᠨ ᠥᠭᠦᠯᠡᠯᠭᠡ᠂ ᠲᠤᠭᠤᠵᠢ᠂ ᠷᠣᠮᠠᠨ᠂ ᠵᠦᠴᠦᠭᠡ᠂ ᠳᠠᠭᠤᠷᠢ᠂ ᠺᠢᠨᠣ᠋ ᠵᠣᠬᠢᠶᠠᠯ ᠤᠳ ᠢᠶᠠᠨ ᠡᠮᠬᠢᠳᠬᠡᠨ ᠪᠦᠲᠦᠭᠡᠯ ᠦᠨ 20 ᠪᠣᠲᠢ ᠪᠠᠨ ᠭᠠᠷᠭᠠᠬᠤ ᠠᠵᠢᠯ ᠢ 2011 ᠣᠨ ᠠᠴᠠ ᠡᠬᠢᠯᠡᠵᠦ ᠡᠶᠢᠨᠬᠦᠦ ᠣᠯᠠᠨ ᠤ ᠬᠦᠷᠲᠡᠭᠡᠯ ᠪᠣᠯᠭᠠᠵᠤ ᠪᠠᠶᠢᠨ᠎ᠠ᠃

ᠰᠡᠳᠬᠢᠭᠳᠡᠯ ᠦᠯᠡᠳᠡᠭᠡᠬᠦ