ᠰᠦᠬᠡᠪᠠᠭᠠᠲᠤᠷ ᠤᠨ ᠳᠤᠷᠠᠰᠬᠠᠯ ᠤᠨ ᠵᠣᠭᠣᠰ ᠢ ᠳᠠᠬᠢᠨ ᠲᠠᠨᠢᠯᠴᠠᠭᠤᠯᠤᠯ᠎ᠠ  | News.MN

ᠰᠦᠬᠡᠪᠠᠭᠠᠲᠤᠷ ᠤᠨ ᠳᠤᠷᠠᠰᠬᠠᠯ ᠤᠨ ᠵᠣᠭᠣᠰ ᠢ ᠳᠠᠬᠢᠨ ᠲᠠᠨᠢᠯᠴᠠᠭᠤᠯᠤᠯ᠎ᠠ 

 

ᠳᠠᠮᠳᠢᠨ ᠤ ᠰᠦᠬᠡᠪᠠᠭᠠᠲᠤᠷ ᠤᠨ ᠮᠡᠨᠳᠦᠯᠡᠭᠰᠡᠨ ᠡᠳᠦᠷ ᠢ ᠲᠣᠬᠢᠶᠠᠯᠳᠤᠭᠤᠯᠤᠨ ᠳᠤᠷᠠᠰᠬᠠᠯ ᠤᠨ ᠵᠣᠭᠣᠰ ᠢ ᠨᠢ ᠮᠣᠩᠭᠣᠯ ᠪᠠᠩᠭᠢᠨ ᠠᠴᠠ ᠲᠠᠨᠢᠯᠴᠠᠭᠤᠯᠤᠯ᠎ᠠ᠃ ᠳᠤᠷᠠᠰᠬᠠᠯ ᠤᠨ ᠵᠣᠭᠣᠰ ᠨᠢ 50 ᠭᠷᠠᠮ ᠵᠢᠩ ᠲᠡᠢ᠂ 50 ᠮᠢᠯᠢᠮᠧᠲ᠋ᠷ ᠦᠨ ᠬᠡᠮᠵᠢᠶ᠎ᠡ ᠲᠡᠢ ᠮᠥᠩᠭᠥ ᠪᠡᠷ ᠪᠦᠷᠢᠭᠰᠡᠨ ᠵᠡᠰ ᠵᠣᠭᠣᠰ ᠪᠥᠭᠡᠳ 2017 ᠣᠨ ᠳᠤ ᠠᠩᠬ᠎ᠠ ᠬᠤᠳᠠᠯᠳᠤᠭᠠᠨ ᠳᠤ ᠭᠠᠷᠭᠠᠵᠤ ᠪᠠᠢᠪᠠ᠃
ᠮᠥᠨ ᠮᠣᠩᠭᠣᠯ ᠪᠠᠩᠭᠢᠨ ᠤ ᠡᠷᠳᠡᠨᠢᠰ ᠦᠨ ᠰᠠᠩ ᠠᠴᠠ ᠳᠤᠷᠠᠰᠬᠠᠯ ᠤᠨ ᠠᠯᠲᠠ᠂ ᠮᠥᠩᠭᠥ᠂ ᠵᠡᠰ ᠵᠣᠭᠣᠰ᠂ ᠠᠯᠲᠠ᠂ ᠮᠥᠩᠭᠥᠨ ᠭᠤᠯᠳᠤᠮᠠᠢ᠂ ᠦᠷᠡᠯᠡᠨ ᠮᠥᠩᠭᠥ ᠶᠢ ᠪᠣᠷᠣᠯᠠᠭᠤᠯᠵᠤ ᠪᠠᠶᠢᠨ᠎ᠠ᠃ ᠳᠡᠯᠭᠡᠷᠡᠩᠭᠦᠢ ᠮᠡᠳᠡᠭᠡᠯᠡᠯ ᠢ coin.mongolbank.mn ᠴᠠᠬᠢᠮ ᠬᠠᠭᠤᠳᠠᠰᠤ᠂ 11-329677 ᠤᠲᠠᠰᠤ ᠪᠠᠷ ᠠᠪᠬᠤ ᠪᠣᠯᠤᠮᠵᠢ ᠲᠠᠢ᠃

ᠰᠡᠳᠬᠢᠭᠳᠡᠯ ᠦᠯᠡᠳᠡᠭᠡᠬᠦ