ᠢᠲ᠋ᠠᠯᠢ ᠶᠢᠨ ᠠᠯᠳᠠᠷᠲᠤ ᠵᠢᠷᠤᠭᠠᠴᠢ ᠰᠠᠨᠳ᠋ᠷᠤ᠋ ᠪᠤᠲ᠋ᠢᠴᠸᠯᠯᠢᠭ᠌ ᠤᠨ 《ᠮᠧᠳᠠᠯ ᠪᠠᠷᠢᠭᠰᠠᠨ ᠵᠠᠯᠠᠭᠤ ᠡᠷ᠎ᠡ ᠶᠢᠨ ᠵᠢᠷᠤᠭ》 ᠬᠡᠮᠡᠬᠦ ᠪᠦᠲᠦᠭᠡᠯ ᠳᠠᠭᠤᠳᠠᠯᠭ᠎ᠠ ᠬᠤᠳᠠᠯᠳᠤᠭ᠎ᠠ ᠳᠡᠭᠡᠷ᠎ᠡ 92 ᠰᠠᠶ᠎ᠠ ᠳ᠋ᠣᠯᠯᠠᠷ ᠢᠶᠠᠷ ᠵᠠᠷᠤᠭᠳᠠᠵᠠᠢ᠃ ᠰᠠᠨᠳ᠋ᠷᠤ᠋ ᠪᠤᠲ᠋ᠢᠴᠸᠯᠯᠢᠭ᠌ ᠤᠨ ᠵᠢᠷᠤᠭ ᠡᠮᠦᠨ᠎ᠡ ᠨᠢ ᠡᠶᠢᠮᠦ ᠥᠨᠳᠥᠷ ᠦᠨ᠎ᠡ ᠳᠦ ᠬᠦᠷᠴᠦ ᠪᠠᠶᠢᠭᠰᠠᠨ ᠲᠡᠦᠬᠡ ᠦᠭᠡᠢ ᠠᠵᠠᠢ᠃
Sotheby’s”ᠳᠠᠭᠤᠳᠠᠯᠭ᠎ᠠ ᠬᠤᠳᠠᠯᠳᠤᠭᠠᠨ ᠤ ᠣᠷᠳᠣᠨ ᠤ ᠳᠡᠳ᠋ ᠶᠡᠷᠦᠩᠬᠡᠶᠢᠯᠡᠭᠴᠢ ᠺᠷᠢᠰᠲ᠋ᠣᠹᠧᠷ ᠠᠫᠤᠰᠲ᠋ᠠᠯ᠄ ᠰᠠᠨᠳ᠋ᠷᠤ᠋ ᠪᠤᠲ᠋ᠢᠴᠸᠯᠯᠢᠭ᠌ ᠤᠨ ᠡᠨᠡ ᠪᠦᠲᠦᠭᠡᠯ ᠳᠠᠭᠤᠳᠠᠯᠭ᠎ᠠ ᠬᠤᠳᠠᠯᠳᠤᠭᠠᠨ ᠳᠤ ᠣᠷᠣᠯᠴᠠᠭᠴᠢᠳ ᠤᠨ ᠰᠡᠳᠬᠢᠯ ᠢ ᠤᠷᠢᠳ ᠬᠣᠵᠢᠳ ᠪᠠᠢᠭ᠎ᠠ ᠦᠭᠡᠢ ᠪᠡᠷ ᠬᠥᠳᠡᠯᠭᠡᠭᠰᠡᠨ ᠭᠡᠵᠦ ВВС ᠳᠤ ᠥᠭᠭᠦᠭᠰᠡᠨ ᠲᠣᠳᠣᠷᠠᠭᠤᠯᠭ᠎ᠠ ᠳᠤ ᠪᠠᠨ ᠦᠭᠦᠯᠡᠵᠡᠢ᠃ ᠰᠠᠨᠳ᠋ᠷᠤ᠋ ᠪᠤᠲ᠋ᠢᠴᠸᠯᠯᠢᠭ᠌ ᠪᠣᠯ ᠰᠡᠷᠭᠦᠨ ᠮᠠᠨᠳᠤᠯᠲᠠ ᠶᠢᠨ ᠦᠶ᠎ᠡ ᠶᠢᠨ ᠲᠣᠮᠣᠬᠠᠨ ᠲᠥᠯᠥᠭᠡᠯᠡᠭᠴᠢ ᠶᠤᠮ᠃