ᠬᠥᠭᠵᠢᠮᠴᠢᠳ ᠣᠯᠠᠨ ᠤᠯᠤᠰ ᠲᠤ ᠲᠡᠷᠢᠭᠦᠨ ᠱᠠᠩᠨᠠᠯ ᠬᠦᠷᠲᠡᠯ᠎ᠡ  | News.MN

ᠬᠥᠭᠵᠢᠮᠴᠢᠳ ᠣᠯᠠᠨ ᠤᠯᠤᠰ ᠲᠤ ᠲᠡᠷᠢᠭᠦᠨ ᠱᠠᠩᠨᠠᠯ ᠬᠦᠷᠲᠡᠯ᠎ᠡ 

 

ᠭᠧᠷᠮᠠᠨ ᠤᠯᠤᠰ ᠤᠨ ᠮᠢᠦ᠋ᠩᠾᠸᠨ ᠬᠤᠲᠠ ᠳᠤ 2021 ᠣᠨ ᠤ ᠨᠢᠭᠡᠳᠦᠭᠡᠷ ᠰᠠᠷ᠎ᠠ ᠶᠢᠨ 20-21 ᠍ ᠳᠦ ᠪᠣᠯᠤᠭᠰᠠᠨ ᠺᠤᠷᠲ ᠮᠠᠰ ᠵᠠᠽᠽ ᠬᠥᠭᠵᠢᠮ ᠦᠨ ᠣᠯᠠᠨ ᠤᠯᠤᠰ ᠤᠨ ᠨᠡᠷ᠎ᠡ ᠬᠦᠨᠳᠦᠲᠡᠢ ᠤᠷᠤᠯᠳᠤᠭᠠᠨ ᠳᠤ ᠮᠣᠩᠭᠣᠯ ᠤᠨ ᠬᠥᠭᠵᠢᠮᠴᠢᠨ ᠡ᠊∙ᠰᠢᠲᠦᠭᠡᠨ ᠲᠡᠷᠢᠭᠦᠨ ᠪᠠᠶᠢᠷᠢ᠂ ᠼ∙ᠮᠦᠩᠭᠦᠨᠲᠤᠪᠴᠢ ᠳᠡᠳ᠋ ᠪᠠᠶᠢᠷᠢ ᠡᠵᠡᠯᠡᠵᠡᠢ᠃ ᠡ᠊ ∙ᠰᠢᠲᠦᠭᠡᠨ᠂ ᠼ∙ᠮᠦᠩᠭᠦᠨᠲᠤᠪᠴᠢ ᠣᠳᠣ ᠪᠠᠷ ᠮᠢᠦ᠋ᠩᠾᠸᠨ  ᠤ ᠬᠥᠭᠵᠢᠮ ᠲᠢᠶᠠᠲ᠋ᠷ ᠤᠨ ᠤᠷᠠᠯᠢᠭ ᠤᠨ ᠶᠡᠬᠡ ᠰᠤᠷᠭᠠᠭᠤᠯᠢ ᠳᠤ ᠰᠤᠷᠤᠯᠴᠠᠵᠤ ᠪᠠᠶᠢᠨ᠎ᠠ᠃ ᠡ᠊∙ᠰᠢᠲᠦᠭᠡᠨ ᠭᠧᠷᠮᠠᠨ ᠤ ᠡᠷᠳᠡᠮ ᠦᠨ ᠰᠣᠯᠢᠯᠴᠠᠭᠠᠨ ᠤ ᠪᠠᠶᠢᠭᠤᠯᠤᠯᠭ᠎ᠠ DAAD ᠍ ᠤᠨ ᠳᠡᠳᠭᠦᠯᠭᠡᠲᠦ ᠣᠶᠤᠲᠠᠨ ᠶᠤᠮ᠃
ᠼ∙ᠮᠦᠩᠭᠦᠨᠲᠤᠪᠴᠢ 2018 ᠣᠨ ᠠᠴᠠ ᠭᠧᠷᠮᠠᠨ ᠤᠯᠤᠰ ᠲᠤ ᠬᠥᠭᠵᠢᠮ ᠦᠨ ᠪᠣᠯᠪᠠᠰᠤᠷᠠᠯ ᠢᠶᠠᠨ ᠦᠷᠭᠦᠯᠵᠢᠯᠡᠭᠦᠯᠵᠦ ᠪᠠᠶᠢᠭ᠎ᠠ ᠠᠪᠢᠶᠠᠰᠯᠢᠭ ᠬᠥᠭᠵᠢᠮᠴᠢᠨ ᠪᠥᠭᠡᠳ ᠮᠠᠷᠲ᠋ᠢᠨ ᠴᠢᠨ᠋ᠺᠧᠷ ᠪᠠᠭᠰᠢ ᠶᠢᠨ ᠢᠶᠠᠨ ᠤᠳᠤᠷᠢᠳᠤᠯᠭ᠎ᠠ ᠪᠠᠷ ᠮᠣᠩᠭᠣᠯ ᠤᠯᠤᠰ ᠲᠤ The Jazz Train ᠲᠣᠭᠯᠠᠯᠲᠠ ᠶᠢ ᠡᠬᠢᠯᠡᠭᠦᠯᠵᠦ ᠪᠠᠶᠢᠭᠰᠠᠨ ᠶᠤᠮ᠃

ᠰᠡᠳᠬᠢᠭᠳᠡᠯ ᠦᠯᠡᠳᠡᠭᠡᠬᠦ