ᠪᠸᠰᠲ ᠰᠸᠯᠯᠸᠷ ᠨᠤᠮ ᠢ ᠬᠢᠨᠠᠳᠠᠭ ᠪᠤᠯᠤᠨ᠎ᠠ | News.MN

ᠪᠸᠰᠲ ᠰᠸᠯᠯᠸᠷ ᠨᠤᠮ ᠢ ᠬᠢᠨᠠᠳᠠᠭ ᠪᠤᠯᠤᠨ᠎ᠠ

 

ᠰᠢᠳᠤᠷᠭᠤ ᠦᠷᠢᠰᠦᠯᠳᠦᠭᠡᠨ ᠬᠡᠷᠡᠭᠯᠡᠭᠴᠢ ᠶᠢᠨ ᠲᠥᠯᠥᠭᠡ ᠭᠠᠵᠠᠷ᠂ 《ᠨᠣᠮ ᠤᠨ ᠶᠢᠷᠲᠢᠨᠴᠦ》 ᠲᠥᠷᠥ ᠶᠢᠨ ᠪᠤᠰᠤ ᠪᠠᠶᠢᠭᠤᠯᠤᠯᠭ᠎ᠠ ᠍ ᠲᠠᠢ ᠬᠠᠮᠲᠤᠷᠠᠨ ᠦᠨᠳᠦᠰᠦᠨ ᠦ ᠪᠧᠰᠲ᠋ ᠰᠧᠯᠯᠧᠷ︵ ᠬᠠᠮᠤᠭ ᠤᠨ ᠰᠠᠢᠨ ᠪᠤᠷᠤᠯᠠᠭᠤᠯᠭ᠎ᠠ ᠲᠠᠢ ᠭᠡᠬᠦ ᠪᠠᠢᠳᠠᠯ ᠢᠶᠠᠷ ᠤᠢᠯᠠᠭᠠᠵᠤ ᠪᠤᠯᠤᠨ᠎ᠠ︶ᠨᠣᠮ ᠤᠨ ᠠᠰᠠᠭᠤᠳᠠᠯ ᠢ ᠴᠡᠭᠴᠡᠯᠡᠬᠦ᠂ ISBN ᠠᠪᠤᠭᠰᠠᠨ ᠨᠣᠮ ᠤᠳ ᠰᠲ᠋ᠠᠨᠳᠠᠷᠲ ᠬᠠᠩᠭᠠᠵᠤ ᠪᠠᠶᠢᠭ᠎ᠠ ᠡᠰᠡᠬᠦ ᠶᠢ ᠲᠣᠳᠣᠷᠬᠠᠶᠢᠯᠠᠬᠤ ᠵᠣᠷᠢᠯᠭ᠎ᠠ ᠲᠠᠢ ᠬᠠᠮᠲᠤᠷᠠᠨ ᠠᠵᠢᠯᠯᠠᠬᠤ ᠰᠠᠨᠠᠮᠵᠢ ᠪᠢᠴᠢᠭ ᠪᠠᠶᠢᠭᠤᠯᠤᠯ᠎ᠠ᠃ ᠲᠡᠳᠡ ᠪᠣᠷᠣᠯᠠᠭᠤᠯᠤᠯᠲᠠ ᠶᠢᠨ ᠮᠡᠳᠡᠭᠡ ᠪᠡᠷ ᠦᠨᠳᠦᠰᠦᠨ ᠦ ᠪᠧᠰᠲ᠋ ᠰᠧᠯᠯᠧᠷ ᠨᠣᠮ ᠍ ᠢ ᠲᠣᠳᠣᠷᠠᠭᠤᠯᠬᠤ ᠲᠤᠬᠠᠢ᠂ ISBN  ᠢ ᠶᠠᠮᠠᠷ ᠺᠣᠮᠫᠠᠨᠢ ᠣᠯᠭᠤᠳᠠᠭ ᠲᠤᠬᠠᠢ᠂ ᠨᠣᠮ ᠤᠨ ᠰᠲ᠋ᠠᠨᠳᠠᠷᠲ  ᠤᠨ ᠲᠤᠬᠠᠢ᠂ ᠬᠡᠯᠡ ᠨᠠᠶᠢᠷᠠᠭᠤᠯᠭ᠎ᠠ᠂ ᠦᠭᠡ ᠦᠰᠦᠭ ᠦᠨ ᠠᠯᠳᠠᠭ᠎ᠠ ᠦᠭᠡᠢ ᠨᠣᠮ ᠢ ᠤᠩᠰᠢᠭᠴᠢᠳ ᠲᠤ ᠬᠦᠷᠭᠡᠳᠡᠭ ᠪᠠᠶᠢᠬᠤ ᠶᠢᠨ ᠲᠥᠯᠥᠭᠡ ᠠᠵᠢᠯᠯᠠᠬᠤ ᠶᠤᠮ ᠪᠠᠶᠢᠨ᠎ᠠ᠃
ᠨᠡᠶᠢᠰᠯᠡᠯ ᠳᠤ ᠢᠳᠡᠪᠬᠢᠲᠡᠢ ᠦᠢᠯᠡ ᠠᠵᠢᠯᠯᠠᠭ᠎ᠠ ᠶᠠᠪᠤᠭᠤᠯᠳᠠᠭ 20 ᠣᠷᠴᠢᠮ ᠨᠣᠮ ᠤᠨ ᠳᠡᠯᠭᠡᠭᠦᠷ ᠪᠠᠶᠢᠳᠠᠭ᠃ ᠳᠡᠯᠭᠡᠭᠦᠷ ᠪᠦᠷᠢ ᠳᠦ ᠰᠢᠯᠢᠳᠡᠭ ᠪᠣᠷᠣᠯᠠᠭᠤᠯᠤᠯᠲᠠ ᠲᠠᠢ ᠨᠣᠮ ᠪᠤᠶᠤ ᠪᠧᠰᠲ᠋ ᠰᠧᠯᠯᠧᠷ ᠨᠣᠮ ᠢ ᠲᠠᠨᠢᠯᠴᠠᠭᠤᠯᠳᠠᠭ ᠪᠤᠯᠤᠩ ᠪᠤᠢ᠃ ᠬᠡᠷᠡᠭᠯᠡᠭᠴᠢᠳ ᠲᠤᠬᠠᠢ ᠶᠢᠨ ᠬᠡᠰᠡᠭ ᠲᠦ ᠲᠠᠯᠪᠢᠭᠳᠠᠭᠰᠠᠨ ᠨᠣᠮ ᠢ ᠬᠠᠮᠤᠭ ᠤᠨ ᠰᠠᠶᠢᠨ ᠪᠣᠷᠣᠯᠠᠭᠤᠯᠤᠯᠲᠠ ᠲᠠᠢ᠂ ᠬᠠᠮᠤᠭ ᠤᠨ ᠶᠡᠬᠡ ᠤᠩᠰᠢᠭᠴᠢᠳ ᠲᠠᠢ ᠨᠣᠮ ᠭᠡᠵᠦ ᠳ᠋ᠦᠩᠨᠡᠵᠦ᠂ ᠰᠣᠩᠭᠣᠯᠲᠠ ᠬᠢᠬᠦ ᠲᠣᠬᠢᠶᠠᠯᠳᠤᠯ ᠣᠯᠠᠨ ᠪᠠᠶᠢᠬᠤ ᠨᠢ ᠮᠡᠳᠡᠭᠡᠵᠢ᠃ ᠬᠠᠷᠢᠨ ᠪᠧᠰᠲ᠋ ᠰᠧᠯᠯᠧᠷ ᠲᠦ ᠲᠠᠯᠪᠢᠭᠳᠠᠭᠰᠠᠨ ᠨᠣᠮ ᠪᠦᠬᠦᠨ ᠬᠠᠮᠤᠭ ᠤᠨ ᠶᠡᠬᠡ ᠤᠩᠰᠢᠭᠴᠢᠳ ᠲᠠᠢ ᠨᠣᠮ ᠮᠥᠨ ᠦᠦ ᠭᠡᠳᠡᠭ ᠨᠢ ᠡᠷᠡᠭᠡᠯᠵᠡᠭᠡ ᠲᠡᠢ ᠠᠵᠠᠢ᠃

ᠰᠡᠳᠬᠢᠭᠳᠡᠯ ᠦᠯᠡᠳᠡᠭᠡᠬᠦ