ᠮᠣᠩᠭᠣᠯ ᠤᠨ ᠵᠣᠬᠢᠶᠠᠯᠴᠢᠳ ᠤᠨ ᠡᠪᠯᠡᠯ ᠪᠣᠯᠤᠨ ᠭ∙ᠰᠸᠷᠠᠤᠳᠤ ᠶᠢᠨ ᠨᠡᠷᠡᠮᠵᠢᠲᠦ ᠱᠠᠩᠨᠠᠯᠲᠤ ᠭᠣᠪᠢ-ᠠᠯᠲᠠᠢ ᠠᠶᠢᠮᠠᠭ ᠤᠨ ᠵᠢᠷᠭᠠᠯᠠᠩ ᠰᠤᠮᠤ ᠶᠢᠨ ᠤᠤᠭᠠᠯ᠂ ᠢᠷᠠᠭᠤ ᠨᠠᠶᠢᠷᠠᠭᠴᠢ ᠷ∙ᠯᠾᠠᠮᠤᠷᠠᠭᠴᠠ《ᠰᠦᠪᠡᠭᠡᠳᠡᠢ ᠪᠠᠭᠠᠲᠤᠷ》 ᠲᠡᠦᠬᠡᠨ ᠲᠤᠤᠯᠢᠰ ᠢᠶᠠᠷ ᠢᠶᠠᠨ《ᠠᠯᠲᠠᠨ ᠥᠳᠥ-2020》 ᠨᠠᠭᠠᠳᠤᠮ ᠤᠨ ᠲᠡᠷᠢᠭᠦᠨ ᠪᠠᠶᠢᠷᠢ ᠡᠵᠡᠯᠡᠵᠡᠢ᠃ ᠷ∙ᠯᠾᠠᠮᠤᠷᠠᠭᠴᠠ ᠨᠢ 1976 ᠣᠨ ᠳᠤ ᠭᠣᠪᠢ-ᠠᠯᠲᠠᠢ ᠠᠶᠢᠮᠠᠭ ᠤᠨ ᠵᠢᠷᠭᠠᠯᠠᠩ ᠰᠤᠮᠤ ᠶᠢᠨ ᠪᠦᠷᠢᠨ ᠪᠠᠭ ᠤᠨ ᠰᠠᠯᠠᠭ᠎ᠠ ᠨᠠᠭᠤᠷ ᠬᠡᠮᠡᠬᠦ ᠭᠠᠵᠠᠷ ᠮᠡᠨᠳᠦᠯᠡᠵᠡᠢ᠃ ᠡᠳᠦᠭᠡ ᠳᠠᠷᠬᠠᠨ ᠬᠤᠲᠠ ᠳᠤ ᠠᠮᠢᠳᠤᠷᠠᠵᠤ ᠪᠠᠶᠢᠨ᠎ᠠ᠃
ᠲᠡᠭᠦᠨ ᠦ《ᠤᠨᠠᠭᠰᠠᠨ ᠨᠤᠲᠤᠭ ᠲᠤ ᠪᠠᠨ ᠡᠷᠭᠦᠬᠦ ᠰᠢᠯᠦᠭ》᠂ 《ᠰᠢᠯᠦᠭ ᠦᠨ ᠭᠡᠷᠡᠭᠡ ᠮᠢᠨᠤ》 ᠢᠷᠠᠭᠤ ᠨᠠᠶᠢᠷᠠᠭ ᠤᠨ ᠨᠣᠮ ᠨᠢ ᠮᠤᠩᠭᠤᠯ ᠤᠨ ᠵᠤᠬᠢᠶᠠᠯᠴᠢᠳ ᠤᠨ ᠡᠪᠯᠡᠯ᠍ ᠦᠨ ᠳᠠᠷᠬᠠᠨ-ᠠᠭᠤᠯᠠ ᠠᠶᠢᠮᠠᠭ ᠳᠠᠬᠢ ᠰᠠᠯᠪᠤᠷᠢ ᠶᠢᠨ《ᠣᠨ ᠤ ᠰᠢᠯᠢᠳᠡᠭ ᠨᠣᠮ》 ᠢᠶᠡᠷ᠂ ᠳᠠᠷᠬᠠᠨ-ᠠᠭᠤᠯᠠ ᠠᠶᠢᠮᠠᠭ ᠤᠨ ᠣᠨ ᠤ ᠰᠢᠯᠢᠳᠡᠭ ᠰᠢᠯᠦᠭ ᠰᠢᠯᠭᠠᠷᠠᠭᠤᠯᠬᠤ 《ᠠᠯᠲᠠᠨ ᠥᠳᠥ》ᠢᠷᠠᠭᠤ ᠨᠠᠶᠢᠷᠠᠭ ᠤᠨ ᠨᠠᠭᠠᠳᠤᠮ ᠤᠨ ᠬᠣᠱᠣᠢ ᠲᠡᠷᠢᠭᠦᠨ ᠪᠠᠶᠢᠷᠢ ᠳᠤ ᠲᠤᠰ ᠲᠤᠰ ᠰᠢᠯᠭᠠᠷᠠᠵᠤ ᠪᠠᠶᠢᠭᠰᠠᠨ ᠤᠳᠠᠭ᠎ᠠ ᠲᠠᠢ᠃ 2010 ᠣᠨ ᠳᠤ 《ᠴᠢᠨᠠᠳᠤ ᠭᠢᠯᠲᠠᠷᠠᠭᠴᠢ》ᠨᠣᠮ ᠢᠶᠠᠨ ᠣᠯᠠᠨ ᠤ ᠬᠦᠷᠲᠡᠭᠡᠯ ᠪᠣᠯᠭᠠᠭᠰᠠᠨ ᠶᠤᠮ᠃ ᠷ∙ᠯᠾᠠᠮᠤᠷᠠᠭᠴᠠ ᠄ ᠮᠣᠩᠭᠣᠯ ᠬᠡᠮᠡᠭᠴᠢ ᠲᠦᠷᠦᠲᠦ ᠤᠯᠤᠰ ᠢ ᠳᠡᠯᠡᠬᠡᠢ ᠳ᠋ᠠᠬᠢᠨ ᠳᠤ ᠢᠳᠡᠷᠬᠡᠭ ᠬᠦᠴᠦᠷᠬᠡᠭ ᠢᠶᠡᠷ ᠮᠠᠨᠳᠤᠭᠠᠨ ᠪᠠᠳᠠᠷᠠᠭᠠᠭᠰᠠᠨ ᠮᠣᠩᠭᠣᠯ ᠦᠨᠳᠦᠰᠦ ᠤᠭᠰᠠᠭᠠᠲᠤ ᠬᠥᠮᠥᠨ ᠪᠢᠳᠡ ᠪᠦᠬᠦᠨ ᠦ ᠪᠠᠭᠠᠲᠤᠷᠯᠢᠭ᠂ ᠮᠡᠷᠭᠡᠨ ᠡᠪᠦᠭᠡ ᠳᠡᠭᠡᠳᠦᠰ ᠦᠨ ᠢᠯᠠᠭᠤᠭᠰᠠᠨ ᠠᠤᠭ᠎ᠠ ᠶᠡᠬᠡ ᠭᠠᠪᠢᠶ᠎ᠠ᠂ ᠵᠢᠳᠬᠦᠯ ᠢ ᠡᠶᠢᠨᠬᠦᠦ ᠮᠥᠷ ᠪᠣᠯᠭᠠᠨ ᠪᠢᠴᠢᠯ᠎ᠡ ᠬᠡᠮᠡᠨ ᠪᠦᠲᠦᠭᠡᠯ ᠦᠨ ᠢᠶᠡᠨ ᠲᠤᠬᠠᠢ ᠲᠡᠮᠳᠡᠭᠯᠡᠨ ᠬᠡᠯᠡᠭᠰᠡᠨ ᠶᠤᠮ᠃