ᠣᠷᠣᠨ ᠨᠤᠲᠤᠭ ᠤᠨ ᠢᠳᠡᠪᠬᠢᠲᠡᠢ ᠤᠩᠰᠢᠭᠴᠢᠳ ᠢ ᠳᠡᠮᠵᠢᠬᠦ᠂ ᠰᠤᠷᠲᠠᠯᠴᠢᠯᠠᠨ ᠲᠠᠨᠢᠭᠤᠯᠬᠤ᠂ ᠨᠡᠶᠢᠭᠡᠮ ᠳᠦ ᠨᠣᠮ ᠤᠨ ᠠᠴᠢ ᠬᠣᠯᠪᠣᠭᠳᠠᠯ ᠢ ᠣᠶᠢᠯᠠᠭᠠᠭᠤᠯᠵᠤ᠂ ᠨᠣᠮ ᠲᠠᠢ ᠨᠥᠬᠦᠷᠯᠡᠭᠦᠯᠬᠦ ᠵᠠᠮ ᠢᠶᠠᠷ ᠢᠷᠭᠡᠳ᠂ ᠬᠡᠦᠬᠡᠳ ᠪᠠᠭᠠᠴᠤᠳ ᠤᠨ ᠬᠦᠮᠦᠵᠢᠯ ᠲᠥᠯᠦᠪᠰᠢᠯ ᠳᠦ ᠨᠦᠯᠦᠭᠡᠯᠡᠬᠦ᠂ ᠬᠠᠨᠳᠤᠯᠭ᠎ᠠ ᠶᠢ ᠥᠭᠡᠷᠡᠴᠢᠯᠡᠬᠦ ᠵᠣᠷᠢᠯᠭ᠎ᠠ ᠪᠦᠬᠦᠢ ᠰᠦᠬᠡᠪᠠᠭᠠᠲᠤᠷ ᠠᠶᠢᠮᠠᠭ ᠤᠨ ᠰᠢᠯᠢᠳᠡᠭ ᠤᠩᠰᠢᠭᠴᠢ ᠶᠢ ᠰᠢᠯᠭᠠᠷᠠᠭᠤᠯᠬᠤ 《ᠰᠤᠳᠤᠷ ᠡᠭᠡᠰᠢᠭᠯᠡᠨ》 ᠲᠥᠰᠥᠯ ᠬᠡᠷᠡᠭᠵᠢᠵᠦ ᠡᠬᠢᠯᠡᠯ᠎ᠡ᠃ ᠲᠥᠰᠥᠯ ᠦᠨ ᠬᠦᠷᠢᠶᠡᠨ ᠳᠦ ᠶᠢᠰᠦᠨ ᠰᠠᠷ᠎ᠠ ᠶᠢᠨ ᠬᠤᠭᠤᠴᠠᠭᠠᠨ ᠳᠤ ᠬᠣᠶᠠᠷ ᠦᠶ᠎ᠡ ᠱᠠᠲᠤ ᠲᠠᠢ ᠬᠡᠷᠡᠭᠵᠢᠬᠦ ᠤᠷᠤᠯᠳᠤᠭᠠᠨ ᠳᠤ ᠪᠦᠬᠦ ᠨᠠᠰᠤᠨ ᠤ ᠤᠩᠰᠢᠭᠴᠢ ᠬᠠᠮᠤᠷᠤᠭᠳᠠᠬᠤ ᠪᠣᠯᠤᠮᠵᠢ ᠲᠠᠢ᠃ ᠲᠧᠭᠨᠢᠭ ᠲᠧᠭᠨᠣᠯᠣᠭᠢ ᠬᠥᠭᠵᠢᠬᠦ ᠶᠢᠨ ᠬᠢᠷᠢ ᠪᠡᠷ ᠨᠣᠮ ᠤᠩᠰᠢᠬᠤ ᠢᠷᠭᠡᠳ᠂ ᠬᠡᠦᠬᠡᠳ ᠵᠠᠯᠠᠭᠤᠰ ᠤᠨ ᠲᠣᠭ᠎ᠠ ᠴᠦᠭᠡᠷᠡᠵᠦ᠂ ᠲᠡᠳᠡᠨ ᠦ ᠦᠭᠡ ᠶᠠᠷᠢᠶ᠎ᠠ᠂ ᠰᠡᠳᠬᠢᠯᠭᠡ᠂ ᠪᠢᠴᠢᠭ ᠦᠨ ᠴᠢᠳᠠᠪᠤᠷᠢ ᠳᠤ ᠨᠥᠯᠦᠭᠡᠯᠡᠵᠦ ᠪᠤᠢ ᠲᠠᠢ ᠬᠣᠯᠪᠣᠭᠠᠲᠠᠢ ᠪᠠᠷ ᠪᠦᠬᠦ ᠨᠡᠶᠢᠲᠡ ᠶᠢ ᠨᠣᠮ ᠲᠠᠢ ᠨᠥᠬᠦᠷᠯᠡᠭᠦᠯᠬᠦ᠂ ᠨᠣᠮ ᠳᠤ ᠰᠢᠮᠳᠡᠬᠦ ᠶᠢᠨ ᠠᠴᠢ ᠬᠣᠯᠪᠣᠭᠳᠠᠯ᠂ ᠦᠨ᠎ᠡ ᠴᠡᠨ᠎ᠡ ᠳᠦ ᠤᠷᠢᠶᠠᠯᠠᠨ ᠲᠠᠭᠤᠳᠠᠬᠤ᠂ ᠨᠣᠮ ᠢᠶᠠᠷ ᠳᠠᠮᠵᠢᠭᠤᠯᠵᠤ ᠥᠪᠡᠷ ᠦᠨ ᠶᠢᠷᠲᠢᠨᠴᠦ ᠪᠡᠨ ᠪᠦᠲᠦᠭᠡᠬᠦ ᠳᠦ ᠨᠢ ᠲᠤᠰᠠᠯᠠᠬᠤ᠂ ᠳᠡᠮᠵᠢᠬᠦ ᠵᠡᠷᠭᠡ ᠦᠢᠯᠡ ᠠᠵᠢᠯᠯᠠᠭ᠎ᠠ ᠶᠢ ᠲᠥᠷᠥ ᠶᠢᠨ ᠪᠣᠯᠤᠨ ᠲᠥᠷᠥ ᠶᠢᠨ ᠪᠤᠰᠤ ᠪᠠᠶᠢᠭᠤᠯᠤᠯᠭ᠎ᠠ᠂ ᠢᠷᠭᠡᠳ ᠣᠯᠠᠨ ᠨᠡᠶᠢᠲᠡ ᠶᠢᠨ ᠣᠷᠣᠯᠴᠠᠭᠠᠨ ᠳᠤ ᠲᠤᠯᠭᠠᠭᠤᠷᠢᠯᠠᠨ ᠵᠣᠬᠢᠶᠠᠨ ᠪᠠᠶᠢᠭᠤᠯᠬᠤ ᠬᠡᠷᠡᠭᠴᠡᠭᠡ ᠱᠠᠭᠠᠷᠳᠠᠯᠭ᠎ᠠ ᠵᠠᠶᠢᠯᠠᠰᠢ ᠦᠭᠡᠢ ᠡᠭᠦᠰᠦᠭᠰᠡᠨ ᠭᠡᠵᠦ ᠠᠶᠢᠮᠠᠭ ᠤᠨ ᠨᠡᠶᠢᠲᠡ ᠶᠢᠨ ᠨᠣᠮ ᠤᠨ ᠰᠠᠩ ᠤᠨ ᠨᠣᠮ ᠤᠨ ᠰᠠᠩᠴᠢ ᠸ ∙ ᠡᠩᠬᠡᠲᠤᠶᠠᠭ᠎ᠠ ᠬᠡᠯᠡᠯ᠎ᠡ᠃
ᠨᠢᠭᠡᠳᠦᠭᠡᠷ ᠱᠠᠲᠤᠨ ᠳᠤ ᠣᠷᠣᠯᠴᠠᠭᠴᠢᠳ ᠥᠪᠡᠷ ᠦᠨ ᠭᠡᠷ ᠦᠨ ᠪᠣᠯᠤᠨ ᠠᠯᠪᠠᠨ ᠪᠠᠶᠢᠭᠤᠯᠤᠯᠭ᠎ᠠ ᠶᠢᠨ ᠢᠶᠠᠨ ᠨᠣᠮ ᠤᠨ ᠰᠠᠩ ᠤᠨ ᠸᠢᠳᠢᠣ᠋ ᠲᠠᠨᠢᠯᠴᠠᠭᠤᠯᠭ᠎ᠠ ᠶᠢ ᠭᠤᠷᠪᠠᠨ ᠮᠢᠨᠦ᠋ᠲ ᠲᠤ ᠪᠠᠭᠲᠠᠭᠠᠨ ᠬᠢᠨ᠎ᠡ᠃ ᠡᠭᠦᠨ ᠢ 3 ᠳ᠋ᠤᠭᠠᠷ ᠰᠠᠷ᠎ᠠ ᠶᠢᠨ 1 ᠬᠦᠷᠲᠡᠯ᠎ᠡ ᠬᠦᠯᠢᠶᠡᠨ ᠠᠪᠬᠤ ᠶᠤᠮ᠃ ᠬᠠᠷᠢᠨ ᠬᠣᠶᠠᠳᠤᠭᠠᠷ ᠱᠠᠲᠤᠨ ᠳᠤ ᠬᠡᠦᠬᠡᠳ᠂ ᠲᠣᠮᠣ ᠬᠦᠮᠦᠨ ᠲᠤᠰ ᠪᠦᠷᠢ 15 ᠨᠣᠮ ᠤᠩᠰᠢᠵᠤ᠂ ᠲᠡᠮᠳᠡᠭᠯᠡᠯ ᠬᠥᠲᠥᠯᠬᠦ ᠶᠣᠰᠣᠲᠠᠢ᠃ ᠤᠭ ᠲᠡᠮᠳᠡᠭᠯᠡᠯ ᠢ 11 ᠳ᠋ᠤᠭᠡᠷ ᠰᠠᠷ᠎ᠠ ᠶᠢᠨ 15 ᠭᠡᠬᠦ ᠳᠦ ᠵᠣᠬᠢᠶᠠᠨ ᠪᠠᠶᠢᠭᠤᠯᠬᠤ ᠺᠣᠮᠢᠰ ᠲᠤ ᠬᠦᠯᠢᠶᠡᠯᠭᠡᠨ ᠥᠭᠭᠦᠭᠰᠡᠨ ᠪᠠᠶᠢᠬᠤ ᠱᠠᠭᠠᠷᠳᠠᠯᠭ᠎ᠠ ᠲᠠᠢ᠃ ᠤᠯᠠᠮ ᠢᠶᠠᠷ ᠲᠤᠰᠬᠠᠢ ᠰᠢᠭᠦᠭᠴᠢᠳ ᠰᠢᠯᠭᠠᠷᠠᠭᠤᠯᠤᠯᠲᠠ ᠶᠢ ᠬᠢᠵᠦ᠂ ᠠᠩᠭᠢᠯᠠᠯ ᠲᠤᠰ ᠪᠦᠷᠢ ᠳᠦ ᠡᠬᠢᠨ ᠦ ᠭᠤᠷᠪᠠᠨ ᠪᠠᠶᠢᠷᠢ ᠶᠢ ᠰᠢᠯᠭᠠᠷᠠᠭᠤᠯᠬᠤ ᠶᠤᠮ᠃