《ᠠᠯᠲᠠᠨ ᠰᠤᠳᠠᠯ》ᠺᠢᠨᠤ᠋ ᠤᠰᠺᠠᠷ ᠲᠤ ᠦᠷᠢᠰᠦᠯᠳᠦᠨ᠎ᠡ | News.MN

《ᠠᠯᠲᠠᠨ ᠰᠤᠳᠠᠯ》ᠺᠢᠨᠤ᠋ ᠤᠰᠺᠠᠷ ᠲᠤ ᠦᠷᠢᠰᠦᠯᠳᠦᠨ᠎ᠡ

 

《ᠠᠯᠲᠠᠨ ᠰᠤᠳᠠᠯ》ᠤᠷᠠᠨ ᠰᠠᠶᠢᠬᠠᠨ ᠤ ᠺᠢᠨᠣ᠋ ᠨᠢ 2020 ᠣᠨ ᠤ ᠬᠣᠶᠠᠳᠤᠭᠠᠷ ᠰᠠᠷ᠎ᠠ ᠳᠤ ᠪᠧᠷᠯᠢᠨ ᠦ ᠺᠢᠨᠣ᠋ ᠨᠠᠭᠠᠳᠤᠮ ᠳᠤ ᠠᠮᠵᠢᠯᠲᠠ ᠲᠠᠢ ᠣᠷᠣᠯᠴᠠᠵᠤ᠂ ᠨᠡᠭᠡᠭᠡᠯᠲᠡ ᠪᠡᠨ ᠬᠢᠭᠰᠡᠨ᠃ ᠭᠧᠷᠮᠠᠨ᠂ ᠠᠦᠢᠰᠲᠷᠠᠯᠢᠶ᠎ᠠ᠂ ᠠᠷᠠᠪ᠂ ᠮᠣᠩᠭᠣᠯ ᠵᠡᠷᠭᠡ ᠣᠯᠠᠨ ᠤᠯᠤᠰ ᠤᠨ ᠤᠷᠠᠨ ᠪᠦᠲᠦᠭᠡᠯᠴᠢᠳ ᠬᠠᠮᠲᠤᠷᠠᠨ ᠠᠵᠢᠯᠯᠠᠭᠰᠠᠨ ᠡᠨᠡ ᠺᠢᠨᠣᠨ ᠤ ᠭᠣᠣᠯ ᠳᠦᠷᠢ ᠨᠤᠭᠦᠳ ᠲᠦ ᠨ∙ᠢᠯᠠᠯᠲᠠ᠂ ᠲ∙ᠡᠨᠡᠷᠢᠯ᠂ ᠪ∙ ᠪᠠᠲᠤ-ᠢᠷᠡᠭᠡᠳᠦᠢ᠂ ᠪ∙ᠠᠯᠭᠢᠷᠴᠢᠮᠢᠩ᠂ ᠰ∙ᠠᠷᠢᠭᠤᠨᠪᠢᠮᠪᠠ ᠨᠠᠷ ᠲᠣᠭᠯᠠᠭᠰᠠᠨ᠃
ᠨᠠᠶᠢᠷᠠᠭᠤᠯᠤᠭᠴᠢ ᠳ∙ᠪᠢᠮᠪᠠᠰᠦ᠋ᠷᠦᠩ ᠦᠨ  ᠡᠨᠡ ᠺᠢᠨᠣ᠋ ᠡᠨᠡ ᠵᠢᠯ ᠦᠨ ᠣᠰᠺᠠᠷ ᠨᠠᠭᠠᠳᠤᠮ ᠤᠨ 《ᠭᠠᠳᠠᠭᠠᠳᠤ ᠬᠡᠯᠡ ᠳᠡᠭᠡᠷᠡᠬᠢ ᠰᠢᠯᠢᠳᠡᠭ ᠺᠢᠨᠣ᠋》 ᠨᠡᠷ᠎ᠡ ᠲᠥᠷᠥᠯ ᠳᠦ ᠳᠡᠪᠰᠢᠵᠦ᠂ ᠥᠷᠢᠰᠦᠯᠳᠦᠬᠦ ᠪᠡᠷ ᠪᠣᠯᠵᠠᠢ᠃ ᠢᠷᠡᠬᠦ ᠬᠣᠶᠠᠳᠤᠭᠠᠷ ᠰᠠᠷ᠎ᠠ ᠶᠢᠨ 1-5 ᠍ ᠤ ᠬᠣᠭᠣᠷᠣᠨᠳᠣ ᠨᠡᠷ᠎ᠡ ᠳᠡᠪᠰᠢᠬᠦ ᠺᠢᠨᠤ᠋ ᠨᠤᠭᠤᠳ ᠢ ᠰᠤᠩᠭᠤᠬᠤ ᠪᠥᠭᠡᠳ ᠡᠨᠡ ᠵᠢᠯ 《ᠭᠠᠳᠠᠭᠠᠳᠤ ᠬᠡᠯᠡ ᠳᠡᠭᠡᠷᠡᠬᠢ ᠰᠢᠯᠢᠳᠡᠭ ᠺᠢᠨᠣ᠋》 ᠍ ᠤ ᠲᠥᠷᠥᠯ ᠳᠦ 15 ᠪᠦᠲᠦᠭᠡᠯ ᠨᠡᠷ᠎ᠡ ᠳᠡᠪᠰᠢᠬᠦ ᠶᠤᠮ ᠪᠠᠶᠢᠨ᠎ᠠ᠃

ᠰᠡᠳᠬᠢᠭᠳᠡᠯ ᠦᠯᠡᠳᠡᠭᠡᠬᠦ