《ᠴᠢᠩᠭᠢᠰ ᠬᠠᠭᠠᠨ》ᠮᠦᠽᠧᠢ ᠶᠢᠨ ᠦᠵᠡᠮᠦᠷᠢ ᠶᠢ ᠬᠠᠳᠠᠭᠠᠯᠠᠬᠤ ᠥᠷᠥᠭᠡ ᠲᠡᠢ ᠪᠤᠯᠤᠯ᠎ᠠ | News.MN

《ᠴᠢᠩᠭᠢᠰ ᠬᠠᠭᠠᠨ》ᠮᠦᠽᠧᠢ ᠶᠢᠨ ᠦᠵᠡᠮᠦᠷᠢ ᠶᠢ ᠬᠠᠳᠠᠭᠠᠯᠠᠬᠤ ᠥᠷᠥᠭᠡ ᠲᠡᠢ ᠪᠤᠯᠤᠯ᠎ᠠ

 

ᠰᠤᠶᠤᠯ ᠤᠨ ᠥᠪ ᠦᠨ ᠦᠨᠳᠦᠰᠦᠨ ᠦ ᠲᠥᠪ ᠰᠢᠨ᠎ᠡ ᠪᠠᠶᠢᠷᠢᠨ ᠳᠤ ᠪᠠᠨ ᠨᠡᠭᠦᠵᠦ ᠤᠷᠤᠬᠤ ᠪᠡᠯᠡᠳᠬᠡᠯ ᠠᠵᠢᠯ ᠦᠷᠭᠦᠯᠵᠢᠯᠡᠵᠦ ᠪᠠᠶᠢᠨ᠎ᠠ᠃ ᠰᠤᠶᠤᠯ ᠤᠨ ᠶᠠᠮᠤᠨ ᠠᠴᠠ 2020 ᠣᠨ ᠳᠤ ᠰᠢᠨᠵᠢᠯᠡᠬᠦ ᠤᠬᠠᠭᠠᠨ ᠤ ᠠᠺᠠᠳᠧᠮᠢ ᠶᠢᠨ ᠠᠷᠬᠧᠣᠯᠣᠭᠢ ᠶᠢᠨ ᠬᠦᠷᠢᠶᠡᠯᠡᠩ᠂ ᠮᠣᠩᠭᠣᠯ ᠤᠨ ᠦᠨᠳᠦᠰᠦᠨ ᠦ ᠮᠦᠽᠧᠢ ᠳᠦ ᠵᠣᠷᠢᠭᠤᠯᠤᠯᠲᠠ ᠶᠢᠨ ᠪᠤᠰᠤ᠂ ᠱᠠᠭᠠᠷᠳᠠᠯᠭ᠎ᠠ ᠬᠠᠩᠭᠠᠬᠤ ᠦᠭᠡᠢ ᠤᠷᠴᠢᠨ ᠳᠤ ᠬᠠᠳᠠᠭᠠᠯᠠᠭᠳᠠᠵᠤ ᠪᠠᠶᠢᠭ᠎ᠠ ᠣᠯᠳᠠᠪᠤᠷᠢ᠂ ᠴᠤᠭᠯᠠᠭᠤᠯᠭ᠎ᠠ ᠶᠢ ᠰᠤᠶᠤᠯ ᠤᠨ ᠥᠪ ᠦᠨ ᠦᠨᠳᠦᠰᠦᠨ ᠦ ᠲᠥᠪ ᠦᠨ ᠰᠢᠨ᠎ᠡ ᠪᠠᠷᠢᠯᠭ᠎ᠠ ᠳᠤ ᠰᠢᠯᠵᠢᠭᠦᠯᠵᠦ ᠬᠠᠳᠠᠭᠠᠯᠠᠬᠤ ᠲᠠᠯ᠎ᠠ ᠪᠠᠷ ᠵᠣᠬᠢᠴᠠᠭᠤᠯᠤᠯᠲᠠ ᠬᠢᠵᠦ᠂ ᠰᠠᠭᠤᠷᠢᠯᠠᠭᠤᠯᠬᠤ ᠵᠣᠷᠢᠯᠭ᠎ᠠ ᠪᠠᠷ ᠰᠠᠩᠬᠦᠦ ᠶᠢᠨ ᠳᠡᠮᠵᠢᠯᠭᠡ ᠦᠵᠡᠭᠦᠯᠦᠭᠰᠡᠨ᠃ ᠮᠥᠨ ᠰᠢᠨ᠎ᠡ ᠪᠡᠷ ᠪᠠᠶᠢᠭᠤᠯᠬᠤ 《ᠴᠢᠩᠭᠢᠰ ᠬᠠᠭᠠᠨ》 ᠮᠦᠽᠧᠢ ᠶᠢᠨ ᠦᠵᠡᠮᠦᠷᠢ ᠴᠤᠭᠯᠠᠭᠤᠯᠬᠤ᠂ ᠣᠯᠳᠠᠪᠤᠷᠢ ᠬᠡᠷᠡᠭᠯᠡᠭᠳᠡᠬᠦᠨ ᠢ ᠬᠠᠳᠠᠭᠠᠯᠠᠬᠤ ᠥᠷᠥᠭᠡ ᠲᠠᠰᠤᠯᠭ᠎ᠠ ᠶᠢ ᠪᠡᠯᠡᠳᠬᠡᠭᠡᠳ ᠪᠠᠶᠢᠨ᠎ᠠ᠃  ᠢᠩᠭᠢᠭᠰᠡᠨ ᠢᠶᠠᠷ ᠰᠤᠶᠤᠯ ᠤᠨ ᠥᠪ ᠢ ᠪᠦᠷᠢᠳᠬᠡᠬᠦ᠂ ᠰᠤᠳᠤᠯᠬᠤ᠂ ᠬᠠᠮᠠᠭᠠᠯᠠᠬᠤ ᠰᠡᠷᠭᠦᠭᠡᠨ ᠵᠠᠰᠠᠪᠤᠷᠢᠯᠠᠬᠤ ᠠᠵᠢᠯ ᠴᠢᠨᠠᠷ ᠤᠨ ᠪᠣᠯᠤᠨ ᠲᠣᠭᠠᠨ ᠦᠵᠡᠭᠦᠯᠦᠯᠲᠡ ᠳᠦ ᠠᠬᠢᠴᠠ ᠳᠡᠪᠰᠢᠯ ᠭᠠᠷᠬᠤ ᠠᠴᠠ ᠭᠠᠳᠠᠨ᠎ᠠ ᠵᠣᠷᠢᠭᠤᠯᠤᠯᠲᠠ ᠶᠢᠨ ᠱᠠᠭᠠᠷᠳᠠᠭ᠎ᠠ ᠬᠠᠩᠭᠠᠭᠰᠠᠨ ᠥᠷᠥᠭᠡ ᠲᠠᠰᠤᠯᠭᠠᠨ ᠳᠤ ᠰᠤᠶᠤᠯ ᠤᠨ ᠪᠡᠶᠡᠲᠦ ᠥᠪ ᠢ ᠬᠠᠳᠠᠭᠠᠯᠠᠬᠤ ᠪᠣᠯᠤᠮᠵᠢ ᠪᠥᠷᠢᠳᠬᠦ ᠪᠢᠯᠡ᠃
ᠰᠤᠶᠤᠯ ᠤᠨ ᠥᠪ ᠦᠨ ᠦᠨᠳᠦᠰᠦᠨ ᠦ ᠲᠥᠪ  ᠲᠤ 10 ᠭᠠᠷᠤᠢ ᠲᠥᠷᠥᠯ ᠦᠨ ᠦᠢᠯᠡ ᠠᠵᠢᠯᠯᠠᠭ᠎ᠠ ᠶᠠᠪᠤᠭᠤᠯᠬᠤ ᠪᠠᠷ ᠲᠥᠯᠥᠪᠯᠡᠭᠡᠳ ᠪᠠᠶᠢᠭ᠎ᠠ ᠶᠤᠮ᠃ ᠲᠤᠬᠠᠶᠢᠯᠠᠪᠠᠯ᠂ ᠰᠤᠶᠤᠯ ᠤᠨ ᠪᠡᠶᠡᠲᠦ ᠥᠪ ᠪᠣᠯᠬᠤ ᠠᠷᠬᠧᠣᠯᠣᠭᠢ ᠶᠢᠨ ᠣᠯᠳᠠᠪᠤᠷᠢ᠂ ᠶᠠᠭᠠᠷᠠᠯᠲᠠᠢ ᠬᠠᠮᠠᠭᠠᠯᠠᠬᠤ ᠱᠠᠭᠠᠷᠳᠠᠯᠭ᠎ᠠ ᠲᠠᠢ ᠮᠦᠽᠧᠢ ᠶᠢᠨ ᠦᠵᠡᠮᠦᠷᠢ᠂ ᠡᠳ᠋  ᠦᠯᠦᠭ ᠦᠨ ᠵᠦᠢᠯᠡᠰ ᠢ ᠵᠣᠷᠢᠭᠤᠯᠤᠯᠲᠠ ᠶᠢᠨ ᠲᠥᠷᠦᠯᠵᠢᠭᠰᠡᠨ ᠰᠠᠩ ᠬᠥᠮᠥᠷᠭᠡ ᠳᠦ ᠲᠦᠷ ᠪᠣᠯᠤᠨ ᠪᠠᠶᠢᠩᠭᠤ ᠬᠠᠳᠠᠭᠠᠯᠠᠬᠤ᠂ ᠰᠡᠷᠭᠦᠭᠡᠨ ᠵᠠᠰᠠᠪᠤᠷᠢᠯᠠᠬᠤ ᠰᠤᠶᠤᠯ ᠤᠨ ᠪᠡᠶᠡᠲᠦ ᠥᠪ ᠢ ᠶᠠᠰᠤ᠂ ᠴᠢᠯᠠᠭᠤ᠂ ᠮᠣᠳᠣ᠂ ᠲᠡᠮᠦᠷ ᠮᠧᠲ᠋ᠠᠯ᠂ ᠰᠢᠪᠠᠷ᠂ ᠴᠠᠭᠠᠰᠤ᠂ ᠠᠷᠠᠰᠤ ᠰᠢᠷᠢ᠂ ᠤᠷᠠᠨ ᠵᠢᠷᠤᠭ᠂ ᠮᠣᠩᠭᠣᠯ ᠵᠢᠷᠤᠭ᠂ ᠢᠰᠡᠭᠡᠢ᠂ ᠳᠠᠪᠤᠤ ᠵᠥᠭᠡᠯᠡᠨ ᠡᠳ᠋ᠯᠡᠯ ᠵᠡᠷᠭᠡ ᠳᠦ ᠲᠥᠷᠦᠯᠵᠢᠭᠦᠯᠦᠭᠰᠡᠨ ᠰᠲ᠋ᠦ᠋ᠳᠢ᠂ ᠤᠷᠠᠯᠠᠨ ᠠᠵᠢᠯᠯᠠᠬᠤ ᠶᠤᠮ᠃

ᠰᠡᠳᠬᠢᠭᠳᠡᠯ ᠦᠯᠡᠳᠡᠭᠡᠬᠦ