ᠪ ∙ ᠭᠠᠯᠪᠠᠳᠠᠷᠠᠬᠤ ᠣᠯᠠᠨ ᠤᠯᠤᠰ ᠤᠨ ᠺᠢᠨᠣ᠋ ᠨᠠᠭᠠᠳᠤᠮ ᠠᠴᠠ ᠱᠠᠩᠨᠠᠯ ᠬᠦᠷᠲᠡᠯ᠎ᠡ  | News.MN

ᠪ ∙ ᠭᠠᠯᠪᠠᠳᠠᠷᠠᠬᠤ ᠣᠯᠠᠨ ᠤᠯᠤᠰ ᠤᠨ ᠺᠢᠨᠣ᠋ ᠨᠠᠭᠠᠳᠤᠮ ᠠᠴᠠ ᠱᠠᠩᠨᠠᠯ ᠬᠦᠷᠲᠡᠯ᠎ᠡ 

19 ᠳ᠋ᠡᠬᠢ ᠤᠳᠠᠭ᠎ᠠ ᠶᠢᠨ  ᠳ᠋ᠠᠺᠺᠠ ᠶᠢᠨ ᠣᠯᠠᠨ ᠤᠯᠤᠰ ᠤᠨ ᠺᠢᠨᠣ᠋ ᠨᠠᠭᠠᠳᠤᠮ ᠥᠴᠥᠭᠡᠳᠦᠷ ᠣᠷᠣᠢ  ᠳ᠋ᠦᠩ ᠢᠶᠡᠨ ᠭᠠᠷᠭᠠᠵᠤ᠂ 《ᠰᠢᠯᠢᠳᠡᠭ ᠵᠢᠷᠤᠭᠯᠠᠭᠠᠴᠢ》 ᠶᠢᠨ ᠲᠥᠷᠥᠯ ᠳᠦ ᠪ ∙ᠭᠠᠯᠪᠠᠳᠠᠷᠠᠬᠤ ᠰᠢᠯᠭᠠᠷᠠᠵᠠᠢ᠃ ᠱᠠᠩᠨᠠᠯ ᠢ ᠨᠠᠶᠢᠷᠠᠭᠤᠯᠤᠭᠴᠢ ᠪ ∙ᠣᠳᠬᠣᠨᠵᠣᠷᠢᠭ ᠤᠨ 《ᠡᠮᠡᠭᠲᠡᠢ》︵The woman︶ ᠺᠢᠨᠤ᠋ ᠳᠤ ᠭᠦᠢᠴᠡᠳᠭᠡᠭᠰᠡᠨ ᠠᠵᠢᠯ ᠳᠤ ᠨᠢ ᠣᠯᠭᠤᠭᠰᠠᠨ ᠪᠠᠶᠢᠨ᠎ᠠ᠃
ᠨᠠᠭᠠᠳᠤᠮ ᠤᠨ 《ᠰᠢᠯᠢᠳᠡᠭ ᠺᠢᠨᠣ᠋》 ᠲᠥᠷᠥᠯ ᠳᠦ ᠺᠢᠷᠭᠢᠽᠰᠲ᠋ᠠᠨ ᠤ ᠨᠠᠶᠢᠷᠠᠭᠤᠯᠤᠭᠴᠢ ᠶᠢᠨ 《ᠡᠳ᠋ᠧᠮ ᠬᠦᠷᠬᠦ ᠵᠠᠮ》᠂ 《ᠰᠢᠯᠢᠳᠡᠭ ᠵᠣᠬᠢᠶᠠᠯ》 ᠲᠥᠷᠥᠯ ᠳᠦ ᠢᠷᠠᠨ ᠤ ᠨᠠᠶᠢᠷᠠᠭᠤᠯᠤᠭᠴᠢ ᠨᠠᠰᠰᠢᠮ  ᠠᠾᠮᠸᠳ᠋ᠫᠤᠷ᠂  ᠱᠠᠷᠠᠮ ᠮᠠᠺᠷᠢ ᠨᠠᠷ ᠤᠨ《 ᠵᠠᠨᠨᠠᠲ ᠡ ᠪᠠᠳ᠋ᠸᠭ᠍ᠾᠡᠲ》ᠺᠢᠨᠣ᠋ ᠲᠤᠰ᠂ ᠲᠤᠰ ᠬᠦᠷᠲᠡᠪᠡ᠃ ᠮᠥᠨ ᠠᠽᠧᠷᠪᠠᠶᠢᠵᠠᠨ᠂ ᠬᠠᠰᠠᠭᠰᠲ᠋ᠠᠨ᠂ ᠵᠣᠬᠢᠶᠠᠨ ᠪᠠᠶᠢᠭᠤᠯᠤᠭᠴᠢ  ᠪᠠᠩᠯᠠᠳ᠋ᠸᠱ ᠤᠨ ᠨᠠᠶᠢᠷᠠᠭᠤᠯᠤᠭᠴᠢᠳ ᠤᠨ ᠪᠦᠲᠦᠭᠡᠯ ᠨᠠᠭᠠᠳᠤᠮ ᠠᠴᠠ ᠱᠠᠩᠨᠠᠯ ᠬᠦᠷᠲᠡᠭᠰᠡᠨ ᠪᠠᠶᠢᠨ᠎ᠠ᠃

ᠰᠡᠳᠬᠢᠭᠳᠡᠯ ᠦᠯᠡᠳᠡᠭᠡᠬᠦ