ᠬᠣᠨᠢᠨ ᠤ ᠨᠣᠣᠰᠣ ᠪᠠᠷ ᠡᠺᠣ ᠲᠣᠭᠯᠠᠭᠠᠮ ᠦᠢᠯᠡᠳᠪᠦᠷᠢᠯᠡᠵᠦ ᠡᠬᠢᠯᠡᠯ᠎ᠡ  | News.MN

ᠬᠣᠨᠢᠨ ᠤ ᠨᠣᠣᠰᠣ ᠪᠠᠷ ᠡᠺᠣ ᠲᠣᠭᠯᠠᠭᠠᠮ ᠦᠢᠯᠡᠳᠪᠦᠷᠢᠯᠡᠵᠦ ᠡᠬᠢᠯᠡᠯ᠎ᠡ 

 

ᠬᠣᠪᠳᠣ ᠠᠶᠢᠮᠠᠭ ᠤᠨ ᠵᠠᠯᠠᠭᠤ ᠪᠢᠽᠢᠨᠧᠰ ᠡᠷᠬᠢᠯᠡᠭᠴᠢ ᠨ∙ᠪᠠᠲᠤᠮᠦ᠋ᠩᠬᠡ ᠮᠣᠩᠭᠣᠯ ᠤᠨ ᠠᠩᠬᠠᠨ ᠤ ᠬᠡᠦᠬᠡᠳ ᠦᠨ ᠡᠺᠣ ᠲᠣᠭᠯᠠᠭᠠᠮ ᠦᠢᠯᠡᠳᠪᠦᠷᠢᠯᠡᠭᠴᠢ ᠪᠤᠯᠬᠤ ᠪᠠᠷ ᠵᠣᠷᠢᠵᠤ ᠪᠠᠶᠢᠨ᠎ᠠ᠃ ᠲᠡᠷᠡᠪᠡᠷ ᠢᠰᠡᠭᠡᠢ ᠤᠷᠠᠯᠠᠯ ᠢ ᠣᠷᠴᠢᠨ ᠦᠶ᠎ᠡ ᠶᠢᠨ ᠬᠡᠪ ᠵᠠᠭᠪᠤᠷ ᠲᠠᠢ ᠬᠣᠣᠰᠯᠠᠭᠤᠯᠤᠨ ᠬᠥᠭᠵᠢᠭᠦᠯᠵᠦ ᠪᠠᠶᠢᠨ᠎ᠠ᠃ ᠢᠩᠭᠢᠬᠦ ᠳᠦ ᠪᠡᠨ ᠬᠡᠦᠬᠡᠳ ᠦᠨ ᠲᠣᠭᠯᠠᠭᠠᠮ ᠢ ᠮᠣᠩᠭᠣᠯ ᠠᠬᠤᠢ᠂ ᠵᠠᠩ ᠦᠢᠯᠡ᠂ ᠦᠯᠢᠭᠡᠷ ᠲᠤᠤᠯᠢᠰ ᠤᠨ ᠪᠠᠭᠠᠲᠤᠷ ᠤᠳ ᠢᠶᠠᠷ ᠢᠯᠡᠷᠬᠡᠶᠢᠯᠡᠨ ᠪᠦᠲᠦᠭᠡᠵᠦ ᠪᠤᠢ᠃  ᠡᠨᠡ ᠲᠤᠬᠠᠢ Nairaa Batmunh ᠴᠠᠬᠢᠮ ᠬᠠᠶ᠋ᠢᠭ ᠢᠶᠠᠷ ᠢᠶᠠᠨ ᠳᠠᠮᠵᠢᠭᠤᠯᠤᠨ ᠮᠡᠳᠡᠭᠡᠯᠡᠯ᠎ᠡ᠃
ᠲᠡᠷᠡᠪᠡᠷ ᠬᠣᠨᠢᠨ ᠤ ᠨᠣᠣᠰᠣᠨ ᠲᠣᠭᠯᠠᠭᠠᠮ ᠢ ᠵᠠᠬᠢᠶᠠᠯᠠᠭ᠎ᠠ ᠶᠢᠨ ᠳᠠᠭᠠᠤ ᠬᠢᠵᠦ ᠪᠠᠶᠢᠭ᠎ᠠ ᠶᠤᠮ᠃ ᠵᠢᠱᠢᠶᠡᠯᠡᠪᠡᠯ᠂ ᠲᠠᠪᠤᠨ ᠬᠣᠰᠢᠭᠤ ᠮᠠᠯ ᠤᠨ ᠲᠥᠯ ᠬᠢᠵᠡᠢ᠃ ᠮᠥᠨ ᠢᠷᠭᠡᠳ ᠬᠡᠦᠬᠡᠳ ᠦᠨ ᠢᠶᠡᠨ ᠪᠦᠲᠦᠭᠡᠯᠴᠢ ᠦᠢᠯᠡ ᠶᠢ ᠳᠡᠮᠵᠢᠬᠦ᠂ ᠬᠥᠭᠵᠢᠭᠦᠯᠬᠦ᠂ ᠶᠣᠰᠣ ᠵᠠᠩᠰᠢᠯ᠂ ᠲᠡᠦᠬᠡ᠂ ᠰᠤᠶᠤᠯ᠂ ᠣᠨᠴᠠᠯᠢᠭ ᠢ ᠲᠠᠨᠢᠨ ᠮᠡᠳᠡᠭᠦᠯᠬᠦ ᠵᠣᠷᠢᠯᠭ᠎ᠠ ᠪᠠᠷ ᠮᠣᠩᠭᠣᠯ ᠠᠷᠠᠳ ᠤᠨ ᠦᠯᠢᠭᠡᠷ ᠦᠨ ᠪᠠᠭᠠᠲᠤᠷ ᠤᠳ ᠪᠣᠯᠤᠨ ᠪᠦᠬᠦ ᠲᠥᠷᠥᠯ ᠦᠨ ᠨᠣᠣᠰᠣᠨ ᠪᠦᠲᠦᠭᠡᠯ ᠢ ᠵᠠᠬᠢᠶᠠᠯᠠᠭ᠎ᠠ ᠪᠠᠷ ᠬᠢᠯᠭᠡᠬᠦ ᠪᠣᠯᠤᠮᠵᠢ ᠲᠠᠢ ᠃

ᠰᠡᠳᠬᠢᠭᠳᠡᠯ ᠦᠯᠡᠳᠡᠭᠡᠬᠦ