︽ᠭᠣᠪᠢ ᠶᠢᠨ ᠮᠡᠳᠡᠭᠡ︾ᠰᠣᠨᠢᠨ ᠤ ᠡᠮᠬᠢᠳᠬᠡᠯ ᠭᠠᠷᠴᠠᠢ | News.MN

︽ᠭᠣᠪᠢ ᠶᠢᠨ ᠮᠡᠳᠡᠭᠡ︾ᠰᠣᠨᠢᠨ ᠤ ᠡᠮᠬᠢᠳᠬᠡᠯ ᠭᠠᠷᠴᠠᠢ

ᠡᠮᠦᠨᠡᠭᠣᠪᠢ ᠠᠶᠢᠮᠠᠭ ᠤᠨ ᠨᠣᠮ ᠤᠨ ᠰᠠᠩ ᠤᠨ ᠰᠠᠩ ᠬᠥᠮᠥᠷᠭᠡ ᠳᠦ ᠣᠷᠣᠨ ᠨᠤᠲᠤᠭ ᠤᠨ ᠬᠡᠪᠯᠡᠯ︽ᠭᠣᠪᠢ ᠶᠢᠨ ᠮᠡᠳᠡᠭᠡ︾ ᠰᠣᠨᠢᠨ ᠤ ᠳ᠋ᠤᠭᠠᠷ ᠤᠳ ᠢ ᠬᠠᠳᠠᠭᠠᠯᠠᠵᠤ ᠪᠠᠶᠢᠳᠠᠭ᠃ ᠲᠤᠬᠠᠢ ᠶᠢᠨ ᠠᠷᠬᠢᠪ ᠠᠴᠠ ᠪᠣᠯᠪᠠᠰᠤᠷᠠᠯ ᠤᠨ ᠰᠠᠯᠪᠤᠷᠢ ᠲᠠᠢ ᠬᠣᠯᠪᠣᠭ᠎ᠠ ᠲᠠᠢ ᠪᠦᠲᠦᠭᠡᠯ ᠦᠳ ᠢ ᠡᠮᠬᠢᠳᠬᠡᠨ ᠨᠣᠮ ᠪᠣᠯᠭᠠᠭᠰᠠᠨ ᠪᠥᠭᠡᠳ ᠤᠭ ᠨᠣᠮ ᠢᠶᠠᠨ ᠴᠠᠬᠢᠮ ᠳᠤ ᠰᠢᠯᠵᠢᠭᠦᠯᠦᠭᠰᠡᠨ ᠪᠠᠶᠢᠨ᠎ᠠ᠃ ᠠᠶᠢᠮᠠᠭ ᠤᠨ ᠲᠡᠦᠬᠡ ᠶᠢᠨ ᠯᠠᠪᠯᠠᠭᠠᠨ ᠤ ᠴᠢᠬᠤᠯᠠ ᠮᠠᠲ᠋ᠧᠷᠢᠶᠠᠯ ᠪᠣᠯᠤᠭᠰᠠᠨ︽ᠭᠣᠪᠢ ᠶᠢᠨ ᠮᠡᠳᠡᠭᠡ︾ᠰᠣᠨᠢᠨ ᠢ ᠣᠷᠣᠨ ᠨᠤᠲᠤᠭ ᠤᠨ ᠲᠡᠦᠬᠡᠨ ᠨᠣᠮ ᠵᠣᠬᠢᠶᠠᠯ᠂ ᠪᠠᠶᠢᠭᠤᠯᠤᠯᠭ᠎ᠠ᠂ ᠬᠤᠪᠢ ᠬᠦᠮᠦᠨ ᠦ ᠨᠠᠮᠲᠠᠷ ᠲᠡᠦᠬᠡ ᠪᠢᠴᠢᠬᠦ ᠭᠡᠰᠡᠨ ᠣᠯᠠᠨ ᠢᠷᠭᠡᠨ ᠤᠩᠰᠢᠵᠤ ᠰᠤᠳᠤᠯᠳᠠᠭ᠃ ᠡᠨᠡᠬᠦ ᠰᠣᠨᠢᠨ ᠢ 1945 ᠣᠨ ᠳᠤ ᠲᠥᠷᠥ ᠨᠡᠶᠢᠭᠡᠮ ᠤᠨ ᠨᠡᠷᠡᠲᠦ ᠵᠢᠳᠬᠦᠯᠲᠡᠨ ᠰ ∙ ᠤᠳ᠋ᠪᠠᠯ᠎ᠠ ᠡᠷᠬᠢᠯᠡᠨ ᠭᠠᠷᠭᠠᠵᠤ ᠪᠠᠶᠢᠭᠰᠠᠨ ᠲᠡᠦᠬᠡ ᠲᠡᠢ᠃

ᠲᠤᠰ ᠨᠣᠮ ᠤᠨ ᠰᠠᠩ   ᠳᠦ ︽ᠭᠣᠪᠢ ᠶᠢᠨ ᠮᠡᠳᠡᠭᠡ︾ᠰᠣᠨᠢᠨ ᠤ 1950 ᠣᠨ ᠠᠴᠠ ᠬᠣᠶᠢᠰᠢᠬᠢ ᠳ᠋ᠤᠭᠠᠷ ᠤᠳ ᠬᠠᠳᠠᠭᠠᠯᠠᠭᠳᠠᠵᠤ ᠪᠠᠶᠢᠳᠠᠭ ᠃ ᠰᠢᠨ᠎ᠡ ᠡᠮᠬᠢᠳᠬᠡᠯ ᠡᠴᠡ ᠠᠶᠢᠮᠠᠭ ᠤᠨ ᠪᠣᠯᠤᠭᠠᠳ ᠰᠤᠮᠤᠳ ᠤᠨ ᠰᠤᠷᠭᠠᠭᠤᠯᠢ ᠨᠤᠭᠤᠳ ᠤᠨ ᠲᠡᠦᠬᠡᠨ ᠨᠡᠶᠢᠲᠡᠯᠡᠯ ᠦᠳ᠂ ᠠᠬᠠᠮᠠᠳ ᠪᠠᠭᠰᠢ ᠨᠠᠷ ᠤᠨ ᠠᠵᠢᠯ ᠦᠢᠯᠡᠰ᠂ ᠪᠠᠭᠰᠢ ᠨᠠᠷ ᠤᠨ ᠲᠡᠷᠢᠭᠦᠨ ᠲᠤᠷᠰᠢᠯᠭ᠎ᠠ᠂ ᠰᠢᠯᠢᠳᠡᠭ ᠰᠤᠷᠤᠭᠴᠢᠳ ᠢ ᠰᠠᠶᠢᠰᠢᠶᠠᠵᠤ᠂ ᠮᠠᠭᠲᠠᠭᠰᠠᠨ ᠨᠡᠶᠢᠲᠡᠯᠡᠯ᠂ ᠠᠶᠢᠮᠠᠭ ᠣᠷᠣᠨ ᠨᠤᠲᠤᠭ ᠤᠨ ᠵᠦᠭ ᠡᠴᠡ ᠪᠣᠯᠪᠠᠰᠤᠷᠠᠯ ᠤᠨ ᠰᠠᠯᠪᠤᠷᠢ ᠶᠢ ᠳᠡᠮᠵᠢᠬᠦ᠂ ᠬᠥᠭᠵᠢᠭᠦᠯᠬᠦ ᠴᠢᠭᠯᠡᠯ ᠢᠶᠡᠷ ᠬᠢᠵᠦ ᠪᠠᠶᠢᠭᠰᠠᠨ ᠠᠵᠢᠯ ᠤᠳ ᠤᠨ ᠲᠤᠬᠠᠢ ᠤᠩᠰᠢᠬᠤ ᠪᠣᠯᠤᠮᠵᠢ ᠲᠠᠢ᠃

ᠰᠡᠳᠬᠢᠭᠳᠡᠯ ᠦᠯᠡᠳᠡᠭᠡᠬᠦ