ᠨᠧᠫᠠᠯ ᠤᠨ ᠠᠭᠤᠯᠠᠴᠢᠳ K2 ᠣᠷᠭᠢᠯ ᠳᠤ ᠡᠪᠦᠯ ᠠᠩᠬ᠎ᠠ ᠤᠳᠠᠭ᠎ᠠ  ᠭᠠᠷᠤᠯ᠎ᠠ | News.MN

ᠨᠧᠫᠠᠯ ᠤᠨ ᠠᠭᠤᠯᠠᠴᠢᠳ K2 ᠣᠷᠭᠢᠯ ᠳᠤ ᠡᠪᠦᠯ ᠠᠩᠬ᠎ᠠ ᠤᠳᠠᠭ᠎ᠠ  ᠭᠠᠷᠤᠯ᠎ᠠ

 

ᠨᠧᠫᠠᠯ ᠤᠨ 10 ᠠᠭᠤᠯᠠᠴᠢᠨ  ᠡᠪᠦᠯ ᠦᠨ ᠤᠯᠠᠷᠢᠯ ᠳᠤ ᠳᠡᠯᠡᠬᠡᠢ ᠶᠢᠨ ᠬᠤᠶᠠᠳᠠᠬᠢ ᠥᠨᠳᠥᠷ ᠠᠭᠤᠯᠠ ᠪᠣᠯᠬᠤ K2 ᠣᠷᠭᠢᠯ ᠳᠤ ᠠᠩᠬ᠎ᠠ ᠤᠳᠠᠭ᠎ᠠ ᠭᠠᠷᠴᠤ ᠳᠡᠯᠡᠬᠡᠢ ᠶᠢᠨ ᠳᠡᠭᠡᠳᠦ ᠠᠮᠵᠢᠯᠲᠠ ᠶᠢ ᠲᠣᠭᠲᠠᠭᠠᠪᠠ᠃ ᠲᠤᠰ ᠪᠠᠭ ᠤᠨ ᠭᠡᠰᠢᠭᠦᠨ ᠠᠭᠤᠯᠠᠴᠢᠨ ᠨᠢᠮᠠᠰᠳᠠᠢ ᠫᠦᠷᠵᠢ ᠶᠢᠨ ᠬᠡᠯᠡᠭᠰᠡᠨ ᠢᠶᠡᠷ ᠲᠡᠳᠡ ᠣᠷᠣᠨ ᠨᠤᠲᠤᠭ ᠤᠨ ᠴᠠᠭ ᠢᠶᠠᠷ 17᠄00 ᠴᠠᠭ ᠲᠤ ᠣᠷᠭᠢᠯ ᠳᠤ ᠪᠠᠨ ᠬᠦᠷᠦᠭᠰᠡᠨ ᠪᠠᠶᠢᠨ᠎ᠠ᠃ 12 ᠠᠭᠤᠯᠠᠴᠢᠨ ᠡᠨᠡ ᠡᠪᠦᠯ 8611 ᠮᠧᠲ᠋ᠷ ᠠᠭᠤᠯᠠᠨ ᠳᠤ ᠭᠠᠷᠤᠭᠰᠠᠨ ᠴᠤ ᠢᠰᠫᠠᠨᠢ ᠶᠢᠨ ᠨᠢᠭᠡ ᠠᠭᠤᠯᠠᠴᠢᠨ ᠡᠨᠡ ᠠᠮᠠᠷᠠᠯᠲᠠ ᠶᠢᠨ ᠡᠳᠦᠷ ᠤᠨᠠᠵᠤ ᠠᠮᠢ ᠪᠠᠨ ᠠᠯᠳᠠᠵᠠᠢ᠃

ᠡᠷᠭᠢᠨ ᠰᠠᠨᠠᠭᠤᠯᠬᠤ ᠳᠤ᠂ ᠮᠣᠩᠭᠣᠯ ᠤᠯᠤᠰ ᠤᠨ ᠭᠠᠪᠢᠶᠠᠲᠤ ᠲᠠᠮᠢᠷᠴᠢᠨ᠂ ᠳᠡᠯᠡᠬᠡᠢ ᠶᠢᠨ ᠳᠣᠯᠣᠭᠠᠨ ᠲᠢᠪ ᠦᠨ ᠳᠣᠯᠣᠭᠠᠨ ᠣᠷᠭᠢᠯ ᠳᠤ ᠬᠥᠯ ᠲᠠᠯᠪᠢᠭᠰᠠᠨ ᠠᠩᠬᠠᠨ ᠤ ᠮᠣᠩᠭᠣᠯ ᠬᠦᠮᠦᠨ ᠪ ∙ᠭᠠᠩᠭᠠᠮ᠎ᠠ K2 ᠠᠭᠤᠯᠠᠨ ᠳᠤ ᠠᠮᠵᠢᠯᠲᠠ ᠲᠠᠢ ᠠᠪᠠᠷᠢᠯᠲᠠ ᠬᠢᠵᠦ 2018 ᠣᠨ ᠤ ᠳᠣᠯᠣᠳᠤᠭᠠᠷ ᠰᠠᠷ᠎ᠠ ᠶᠢᠨ 21 ᠍ ᠦ 11᠄00 ᠴᠠᠭ ᠲᠤ ᠭᠠᠷᠤᠭᠰᠠᠨ᠃

ᠰᠡᠳᠬᠢᠭᠳᠡᠯ ᠦᠯᠡᠳᠡᠭᠡᠬᠦ