《ᠪᠡᠭᠡᠵᠢᠩ -2022》ᠡᠪᠦᠯ ᠦᠨ ᠣᠯᠢᠮᠫ ᠤᠨ ᠡᠷᠬᠡ ᠶᠢᠨ ᠲᠥᠯᠥᠭᠡ ᠦᠷᠢᠰᠦᠯᠳᠦᠬᠦ ᠮᠣᠩᠭᠣᠯ ᠤᠨ ᠴᠠᠨ᠎ᠠ ᠶᠢᠨ ᠰᠢᠭᠰᠢᠭᠡ ᠪᠠᠭ ᠳᠠᠰᠬᠠᠯᠵᠢᠭᠤᠯᠤᠭᠴᠢ ᠪ∙ᠡᠩᠬᠡ-ᠠᠮᠤᠭᠤᠯᠠᠩ ᠤᠨ ᠤᠳᠤᠷᠢᠳᠤᠯᠭ᠎ᠠ ᠳᠣᠣᠷ᠎ᠠ ᠹᠢᠨᠯᠠᠨᠳ᠋ ᠤᠯᠤᠰ ᠢ ᠵᠣᠷᠢᠯ᠎ᠠ᠃
ᠪᠠᠭ ᠤᠨ ᠪᠦᠷᠢᠯᠳᠦᠬᠦᠨ ᠳᠦ ᠪ∙ᠠᠴᠢᠪᠠᠳᠠᠷᠠᠬᠤ᠂ ᠳ ∙ᠮᠥᠩᠬᠡᠭᠡᠷᠡᠯ᠂ ᠣ᠊∙ᠵᠣᠯᠪᠠᠶᠠᠷ᠂ ᠪ∙ᠭᠠᠩᠪᠠᠶᠠᠷ᠂ ᠠ᠊∙ᠡᠩᠬᠡᠲᠤᠤᠯᠠ᠂ ᠪ∙ᠨᠣᠮᠢᠨ-ᠡᠷᠳᠡᠨᠢ᠂ ᠪ∙ᠨᠣᠮᠤᠭᠤᠨ ᠨᠠᠷ ᠤᠨ ᠲᠠᠮᠢᠷᠴᠢᠨ ᠪᠠᠭᠲᠠᠵᠠᠢ᠃ ᠲᠡᠳᠡ ᠣᠯᠠᠨ ᠤᠯᠤᠰ ᠤᠨ ᠴᠠᠨ᠎ᠠ ᠶᠢᠨ ᠬᠣᠯᠪᠣᠭ᠎ᠠ︵ FIS︶ ᠶᠢᠨ ᠣᠯᠢᠮᠫ ᠤᠨ ᠣᠨᠣᠭ᠎ᠠ ᠣᠯᠭᠣᠬᠤ ᠠᠯᠪᠠᠨ ᠶᠣᠰᠣᠨ ᠤ ᠭᠤᠷᠪᠠᠨ ᠤᠷᠤᠯᠳᠤᠭᠠᠨ ᠳᠤ ᠬᠤᠷᠳᠤ ᠰᠣᠷᠢᠭᠰᠠᠨ ᠤ ᠳᠠᠷᠠᠭ᠎ᠠ ᠢᠷᠡᠬᠦ ᠰᠠᠷ᠎ᠠ ᠶᠢᠨ 24 ᠍ ᠳᠦ ᠭᠧᠷᠮᠠᠨ ᠳᠦ ᠡᠬᠢᠯᠡᠬᠦ ᠳᠡᠯᠡᠬᠡᠢ ᠶᠢᠨ ᠠᠪᠤᠷᠭᠤ ᠰᠢᠯᠭᠠᠷᠠᠭᠤᠯᠬᠤ 42 ᠳ᠋ᠡᠬᠢ ᠤᠳᠠᠭ᠎ᠠ ᠶᠢᠨ ᠲᠡᠮᠡᠴᠡᠭᠡᠨ ᠳᠦ ᠣᠷᠣᠯᠴᠠᠨ᠎ᠠ᠃