《ᠨᠣᠶᠠᠨ ᠪᠣᠨᠲᠣᠭᠣᠷ》 ᠤᠨ ᠳᠠᠭᠤᠤ ᠶᠢ ᠳᠠᠭᠤᠯᠠᠵᠤ ᠤᠷᠤᠯᠳᠤᠭᠠᠨ ᠳᠤ ᠣᠷᠣᠯᠴᠠᠵᠠᠢ  | News.MN

《ᠨᠣᠶᠠᠨ ᠪᠣᠨᠲᠣᠭᠣᠷ》 ᠤᠨ ᠳᠠᠭᠤᠤ ᠶᠢ ᠳᠠᠭᠤᠯᠠᠵᠤ ᠤᠷᠤᠯᠳᠤᠭᠠᠨ ᠳᠤ ᠣᠷᠣᠯᠴᠠᠵᠠᠢ 

ᠠᠷᠠᠳ ᠲᠦᠮᠡᠨ ᠦ ᠳᠤᠮᠳᠠ ᠨᠤᠶᠠᠨ ᠪᠣᠨᠲᠣᠭᠣᠷ ᠨᠡᠷ᠎ᠡ ᠪᠡᠷ ᠲᠠᠨᠢᠭᠳᠠᠭᠰᠠᠨ ᠡᠬᠡ ᠦᠷᠡᠰ ᠦᠨ ᠡᠯᠴᠢ ᠳᠠᠭᠤᠴᠢᠨ ᠼ ∙ ᠠᠮᠤᠷᠪᠠᠶᠠᠷ ᠴᠠᠷ᠎ᠠ ᠲᠠᠬᠤᠯ ᠤᠨ ᠬᠦᠨᠳᠦ ᠦᠶ᠎ᠡ ᠳᠦ ᠬᠠᠮᠤᠭ ᠤᠨ ᠲᠣᠮᠣ ᠱᠠᠩᠨᠠᠯ ᠤᠨ ᠰᠠᠩ ᠲᠠᠢ 《ᠨᠣᠶᠠᠨ ᠪᠣᠨᠲᠣᠭᠣᠷ ᠤᠨ ᠳᠠᠭᠤᠤ ᠶᠢ ᠬᠡᠨ ᠰᠠᠶᠢᠨ ᠳᠠᠭᠤᠯᠠᠬᠤ ᠪᠤᠢ》 ᠤᠷᠤᠯᠳᠤᠭᠠᠨ ᠢ ᠡᠬᠢᠯᠡᠭᠦᠯᠦᠭᠡᠳ ᠪᠠᠶᠢᠭ᠎ᠠ ᠪᠢᠯᠡ᠃  ᠲᠡᠷᠡ ᠠᠷᠪᠠᠨ ᠪᠠᠶᠢᠷᠢ ᠡᠵᠡᠯᠡᠭᠦᠯᠬᠦ ᠪᠥᠭᠡᠳ ᠨᠢᠭᠡᠳᠦᠭᠡᠷ ᠪᠠᠶᠢᠷᠢ ᠳᠤ ᠨᠢᠭᠡ ᠥᠷᠥᠭᠡ ᠣᠷᠣᠨ ᠰᠠᠭᠤᠴᠠ ᠶᠢᠨ ᠤᠷᠢᠳᠴᠢᠯᠠᠭ᠎ᠠ ᠥᠭᠭᠦᠭᠡᠳ ᠲᠠᠪᠤᠨ ᠵᠢᠯ ᠦᠨ ᠬᠦᠦ ᠦᠭᠡᠢ ᠬᠤᠪᠢ ᠯᠢᠽᠢᠨ ᠢᠶᠡᠷ ᠠᠪᠬᠤ ᠪᠣᠯᠤᠮᠵᠢ ᠶᠢ ᠣᠯᠭᠤᠵᠤ ᠪᠠᠶᠢᠭ᠎ᠠ ᠶᠤᠮ᠃
ᠤᠷᠤᠯᠳᠤᠭᠠᠨ ᠡᠬᠢᠯᠡᠭᠡᠳ 10 ᠬᠣᠨᠣᠵᠤ ᠪᠠᠶᠢᠬᠤ ᠳᠤ 400 ᠣᠷᠣᠯᠴᠠᠭᠴᠢ ᠨᠣᠶᠠᠨ ᠪᠣᠨᠲᠣᠭᠣᠷ ᠤᠨ ᠳᠠᠭᠤᠤ ᠶᠢ ᠳᠠᠭᠤᠯᠠᠭᠰᠠᠨ ᠪᠢᠴᠢᠯᠭᠡ ᠪᠡᠨ ᠢᠯᠡᠭᠡᠵᠡᠢ᠃ ᠢᠷᠡᠭᠰᠡᠨ ᠪᠢᠴᠢᠯᠭᠡ ᠨᠦᠭᠦᠳ ᠢ ᠯᠠᠶᠢᠺ ᠱᠡᠢᠷ ᠦᠨ ᠲᠣᠭ᠎ᠠ ᠬᠠᠨᠳᠤᠯᠲᠠ ᠪᠠᠷ ᠰᠢᠯᠭᠠᠷᠠᠭᠤᠯᠬᠤ ᠶᠤᠮ᠃ ᠭᠡᠲᠡᠯ᠎ᠡ ᠤᠷᠤᠯᠳᠤᠭᠠᠨ ᠳᠤ ᠲᠦᠷᠦᠭᠦᠯᠡᠵᠦ ᠲᠣᠮᠣ ᠱᠠᠩᠨᠠᠯ ᠤᠨ ᠡᠵᠡᠳ ᠪᠣᠯᠬᠤ ᠶᠢ ᠬᠦᠰᠡᠭᠰᠡᠨ ᠣᠷᠣᠯᠴᠠᠭᠴᠢᠳ ᠬᠠᠭᠤᠷᠮᠠᠴᠢ ᠠᠺᠺᠤᠨᠲ ᠠᠰᠢᠭᠯᠠᠵᠤ ᠯᠠᠶᠢᠺ ᠱᠡᠶᠢᠷ ᠬᠢᠬᠦ ᠮᠥᠨ ᠨᠣᠶᠠᠨ ᠪᠣᠨᠲᠣᠭᠣᠷ ᠤᠨ ᠳᠠᠭᠤᠤ ᠶᠢ ᠠᠮᠠ ᠪᠠᠷᠢᠭᠰᠠᠨ ᠪᠢᠴᠢᠯᠭᠡ ᠴᠤ ᠢᠯᠡᠭᠡᠵᠡᠢ᠃ 40 ᠳ᠋ᠤᠭᠠᠷ ᠲᠠᠢ ᠣᠷᠣᠯᠴᠠᠭᠴᠢ ᠡ᠊ ∙ ᠠᠨᠢᠷ ᠤᠨ ᠶᠠᠪᠤᠭᠤᠯᠤᠭᠰᠠᠨ ᠪᠢᠴᠢᠯᠭᠡ ᠪᠣᠯᠬᠤ《ᠮᠢᠨᠦ ᠯᠠ ᠬᠠᠶᠢᠷ᠎ᠠ》ᠳᠠᠭᠤᠤ ᠨᠢ ᠨᠣᠶᠠᠨ ᠪᠣᠨᠲᠣᠭᠣᠷ ᠤᠨ ᠬᠣᠭᠣᠯᠠᠢ ᠶᠢᠨ ᠳᠡᠭᠡᠷ᠎ᠡ ᠢᠯᠡᠳᠲᠡ ᠠᠮᠠ ᠪᠠᠷᠢᠭᠰᠠᠨ ᠬᠡᠮᠡᠨ ᠣᠯᠠᠨ ᠤ ᠰᠢᠭᠦᠮᠵᠢᠯᠡᠯ ᠳᠦ ᠥᠷᠲᠥᠭᠡᠳ ᠪᠠᠶᠢᠨ᠎ᠠ᠃

ᠰᠡᠳᠬᠢᠭᠳᠡᠯ ᠦᠯᠡᠳᠡᠭᠡᠬᠦ