《ᠤᠭ᠍ᠶᠤᠲᠤᠯᠤᠭᠠᠢ》290 ᠰᠠᠶ᠎ᠠ ᠳ᠋ᠣᠯᠯᠠᠷ ᠤᠨ ᠲᠠᠲᠠᠪᠤᠷᠢ᠂ ᠲᠥᠯᠥᠪᠦᠷᠢ᠂ ᠬᠤᠷᠢᠶᠠᠮᠵᠢ ᠲᠥᠯᠦᠵᠡᠢ  | News.MN

《ᠤᠭ᠍ᠶᠤᠲᠤᠯᠤᠭᠠᠢ》290 ᠰᠠᠶ᠎ᠠ ᠳ᠋ᠣᠯᠯᠠᠷ ᠤᠨ ᠲᠠᠲᠠᠪᠤᠷᠢ᠂ ᠲᠥᠯᠥᠪᠦᠷᠢ᠂ ᠬᠤᠷᠢᠶᠠᠮᠵᠢ ᠲᠥᠯᠦᠵᠡᠢ 

 

《ᠤᠭ᠍ᠶᠤᠲᠤᠯᠤᠭᠠᠢ》ᠺᠣᠮᠫᠠᠨᠢ ᠥᠩᠭᠡᠷᠡᠭᠰᠡᠨ ᠣᠨ ᠳᠤ ᠣᠶᠢᠷᠠᠯᠴᠠᠭ᠎ᠠ ᠪᠠᠷ 290 ᠰᠠᠶ᠎ᠠ ᠳ᠋ᠣᠯᠯᠠᠷ ᠤᠨ ᠲᠠᠲᠠᠪᠤᠷᠢ᠂ ᠠᠰᠢᠭᠲᠤ ᠮᠠᠯᠲᠠᠮᠠᠯ ᠤᠨ ᠨᠥᠭᠡᠴᠡ ᠠᠰᠢᠭᠯᠠᠭᠰᠠᠨ ᠤ ᠲᠥᠯᠥᠪᠦᠷᠢ᠂ ᠪᠤᠰᠤᠳ ᠲᠥᠯᠥᠪᠦᠷᠢ ᠬᠤᠷᠢᠶᠠᠮᠵᠢ ᠲᠥᠯᠦᠵᠡᠢ᠃ ᠮᠥᠨ ᠳᠡᠯᠡᠬᠡᠢ ᠨᠡᠶᠢᠲᠡ ᠪᠡᠷ ᠲᠠᠷᠬᠠᠭᠠᠳ ᠪᠤᠢ ᠲᠠᠬᠤᠯ ᠤᠨ ᠡᠰᠡᠷᠭᠦ ᠮᠣᠩᠭᠣᠯ ᠤᠯᠤᠰ ᠤᠨ ᠵᠠᠰᠠᠭ ᠤᠨ ᠭᠠᠵᠠᠷ ᠤᠨ ᠠᠪᠴᠤ ᠬᠡᠷᠡᠭᠵᠢᠭᠦᠯᠵᠦ ᠪᠤᠢ ᠠᠷᠭ᠎ᠠ ᠬᠡᠮᠵᠢᠶ᠎ᠡ ᠶᠢ ᠳᠡᠮᠵᠢᠬᠦ ᠡᠭᠦᠳᠡᠨ ᠡᠴᠡ ᠠᠰᠢᠭᠲᠤ ᠮᠠᠯᠲᠠᠮᠠᠯ ᠤᠨ ᠨᠥᠭᠡᠴᠡ ᠠᠰᠢᠭᠯᠠᠭᠰᠠᠨ ᠤ ᠵᠠᠷᠢᠮ ᠲᠥᠯᠥᠪᠦᠷᠢ ᠶᠢ ᠬᠠᠤᠯᠢ ᠶᠢᠨ ᠬᠤᠭᠤᠴᠠᠭᠠᠨ ᠠᠴᠠ ᠡᠮᠦᠨ᠎ᠡ ᠰᠢᠯᠵᠢᠭᠦᠯᠦᠭᠰᠡᠨ ᠲᠠᠯ᠎ᠠ ᠪᠠᠷ ᠲᠤᠰ ᠺᠣᠮᠫᠠᠨᠢ ᠠᠴᠠ ᠮᠡᠳᠡᠭᠡᠯᠡᠯ᠎ᠡ᠃
《ᠤᠭ᠍ᠶᠤᠲᠤᠯᠤᠭᠠᠢ》2020 ᠣᠨ ᠤ 12 ᠳ᠋ᠤᠭᠠᠷ ᠰᠠᠷ᠎ᠠ ᠶᠢᠨ 22 ᠍ ᠳᠦ ᠲᠠᠲᠠᠪᠤᠷᠢ ᠶᠢᠨ ᠶᠡᠷᠦᠩᠬᠡᠢ ᠭᠠᠵᠠᠷ ᠠᠴᠠ 649 ᠲᠡᠷᠪᠤᠮ ᠲᠥᠭᠥᠷᠢᠭ︵ᠣᠶᠢᠷᠠᠯᠴᠠᠭ᠎ᠠ ᠪᠠᠷ 228 ᠰᠠᠶ᠎ᠠ ᠳ᠋ᠣᠯᠯᠠᠷ︶᠍ ᠦᠨ ᠨᠥᠬᠥᠨ ᠨᠣᠭᠳᠠᠭᠤᠯᠤᠯᠲᠠ ᠶᠢᠨ ᠠᠺᠲ ᠬᠦᠯᠢᠶᠡᠨ ᠠᠪᠴᠠᠢ᠃  ᠡᠨᠡ ᠨᠢ 2016-2018 ᠣᠨ ᠤ ᠲᠠᠲᠠᠪᠤᠷᠢ ᠨᠣᠭᠳᠠᠭᠤᠯᠤᠯᠲᠠ᠂ ᠲᠥᠯᠦᠯᠲᠡ ᠶᠢᠨ ᠪᠠᠶᠢᠳᠠᠯ ᠳᠤ ᠬᠢᠭᠰᠡᠨ ᠲᠠᠲᠠᠪᠤᠷᠢ ᠶᠢᠨ ᠬᠢᠨᠠᠯᠲᠠ ᠰᠢᠯᠭᠠᠯᠲᠠ ᠲᠠᠢ ᠬᠣᠯᠪᠣᠭ᠎ᠠ ᠲᠠᠢ᠃《ᠤᠭ᠍ᠶᠤᠲᠤᠯᠤᠭᠠᠢ》ᠨᠢ ᠮᠣᠩᠭᠣᠯ ᠤᠯᠤᠰ ᠤᠨ ᠡᠳ᠋ ᠍ ᠦᠨ ᠵᠠᠰᠠᠭ ᠲᠤ ᠲᠣᠮᠣᠬᠠᠨ ᠬᠤᠪᠢ ᠨᠡᠮᠡᠷᠢ ᠣᠷᠣᠭᠤᠯᠤᠭᠴᠢ ᠪᠥᠭᠡᠳ 2010 ᠣᠨ ᠠᠴᠠ ᠬᠣᠶᠢᠰᠢ ᠨᠡᠶᠢᠲᠡ 11.3 ᠲᠡᠷᠪᠤᠮ ᠭᠠᠷᠤᠢ ᠳ᠋ᠣᠯᠯᠠᠷ ᠢ ᠳᠣᠲᠣᠭᠠᠳᠤ  ᠳᠦ ᠵᠠᠷᠤᠴᠠᠭᠤᠯᠤᠭᠰᠠᠨ ᠪᠠᠶᠢᠨ᠎ᠠ᠃

ᠰᠡᠳᠬᠢᠭᠳᠡᠯ ᠦᠯᠡᠳᠡᠭᠡᠬᠦ