ᠠᠮᠧᠷᠢᠺᠠ  ᠮᠤᠩᠭᠤᠯᠴᠤᠳ ᠲᠤ ᠸᠢᠰᠡ ᠤᠯᠭᠤᠬᠤ ᠦᠭᠡᠢ | News.MN

ᠠᠮᠧᠷᠢᠺᠠ  ᠮᠤᠩᠭᠤᠯᠴᠤᠳ ᠲᠤ ᠸᠢᠰᠡ ᠤᠯᠭᠤᠬᠤ ᠦᠭᠡᠢ

 

ᠠᠮᠧᠷᠢᠺᠠ ᠶᠢᠨ ᠵᠠᠰᠠᠭ ᠵᠠᠬᠢᠷᠭᠠᠨ ᠠᠴᠠ ᠮᠣᠩᠭᠣᠯ ᠤᠯᠤᠰ ᠢ H-2B ᠠᠵᠢᠯ ᠤᠨ ᠸᠢᠰᠡ ᠶᠢᠨ ᠠᠩᠭᠢᠯᠠᠯ ᠠᠴᠠ ᠬᠠᠰᠤᠬᠤ ᠰᠢᠢᠳᠪᠦᠷᠢ ᠭᠠᠷᠭᠠᠵᠠᠢ᠃ ᠢᠩᠭᠢᠭᠰᠡᠨ ᠢᠶᠡᠷ ᠮᠠᠨ ᠤ ᠢᠷᠭᠡᠳ 2022 ᠣᠨ ᠤ ᠨᠢᠭᠡᠳᠦᠭᠡᠷ ᠰᠠᠷ᠎ᠠ ᠶᠢᠨ 18 ᠍ ᠤ ᠡᠳᠦᠷ ᠢ ᠬᠦᠷᠲᠡᠯ᠎ᠡ ᠳᠡᠭᠡᠷᠡᠬᠢ ᠸᠢᠰᠡ ᠪᠡᠷ ᠲᠤᠰ ᠤᠯᠤᠰ ᠢ ᠵᠣᠷᠢᠬᠤ ᠪᠣᠯᠤᠮᠵᠢ ᠦᠭᠡᠢ ᠪᠣᠯᠵᠤ ᠪᠠᠶᠢᠨ᠎ᠠ᠃
ᠮᠣᠩᠭᠣᠯ ᠤᠯᠤᠰ ᠤᠨ ᠢᠷᠭᠡᠳ ᠸᠢᠰᠡ ᠶᠢᠨ ᠬᠤᠭᠤᠴᠠᠭ᠎ᠠ ᠪᠠᠨ ᠬᠡᠲᠦᠷᠡᠭᠦᠯᠦᠭᠰᠡᠨ ᠨᠢ H-2 ᠠ᠊ ᠠᠩᠭᠢᠯᠠᠯ ᠠᠴᠠ ᠬᠠᠰᠤᠭᠳᠠᠬᠤ ᠰᠢᠯᠲᠠᠭᠠᠨ ᠪᠣᠯᠵᠠᠢ᠃ ᠲᠤᠬᠠᠶᠢᠯᠠᠪᠠᠯ᠂ ᠥᠩᠭᠡᠷᠡᠭᠰᠡᠨ ᠵᠢᠯ ᠠᠮᠧᠷᠢᠺᠠ  ᠶᠢ ᠵᠣᠷᠢᠭᠰᠠᠨ 67 ᠬᠦᠮᠦᠨ ᠡᠴᠡ 27 ᠨᠢ ᠪᠤᠶᠤ 40 ᠬᠤᠪᠢ ᠨᠢ ᠬᠤᠭᠤᠴᠠᠭ᠎ᠠ ᠪᠠᠨ ᠬᠡᠲᠦᠷᠡᠭᠦᠯᠵᠡᠢ᠃ ᠡᠨᠡ ᠨᠢ ᠬᠣᠶᠠᠷ ᠤᠯᠤᠰ ᠤᠨ ᠵᠠᠰᠠᠭ ᠤᠨ ᠭᠠᠵᠠᠷ ᠤᠨ ᠲᠤᠤᠱᠲᠠᠢ ᠪᠤᠰᠤ ᠬᠠᠮᠲᠤ ᠶᠢᠨ ᠠᠵᠢᠯᠯᠠᠭᠠᠨ ᠠᠴᠠ ᠡᠭᠦᠳᠦᠯᠲᠡᠢ  ᠶᠤᠮ᠃  ᠡᠨᠡ ᠰᠢᠢᠳᠪᠦᠷᠢ 2021 ᠣᠨ ᠤ ᠨᠢᠭᠡᠳᠦᠭᠡᠷ ᠰᠠᠷ᠎ᠠ ᠶᠢᠨ 19 ᠍ ᠦ ᠡᠳᠦᠷ ᠡᠴᠡ ᠬᠦᠴᠦᠨ ᠲᠡᠭᠦᠯᠳᠡᠷ ᠦᠢᠯᠡᠴᠢᠯᠡᠵᠦ ᠡᠬᠢᠯᠡᠬᠦ ᠶᠤᠮ᠃

ᠰᠡᠳᠬᠢᠭᠳᠡᠯ ᠦᠯᠡᠳᠡᠭᠡᠬᠦ