ᠵᠥᠭᠡᠭᠡᠪᠦᠷᠢ ᠶᠢᠨ ᠨᠣᠮ ᠤᠨ ᠰᠠᠩ  1960 ᠍ ᠊ᠭᠠᠳ ᠣᠨ ᠠᠴᠠ ᠡᠬᠢᠯᠡᠵᠡᠢ  | News.MN

ᠵᠥᠭᠡᠭᠡᠪᠦᠷᠢ ᠶᠢᠨ ᠨᠣᠮ ᠤᠨ ᠰᠠᠩ  1960 ᠍ ᠊ᠭᠠᠳ ᠣᠨ ᠠᠴᠠ ᠡᠬᠢᠯᠡᠵᠡᠢ 

ᠵᠠᠪᠬᠠᠨ ᠠᠶᠢᠮᠠᠭ ᠲᠤ ᠵᠥᠭᠡᠭᠡᠪᠦᠷᠢ ᠶᠢᠨ ᠨᠣᠮ ᠤᠨ ᠰᠠᠩ ᠍ ᠦᠨ ᠦᠢᠯᠡᠴᠢᠯᠡᠭᠡ 1960 ᠍ ᠊ᠭᠠᠳ ᠣᠨ ᠠᠴᠠ ᠡᠬᠢᠯᠡᠯ ᠲᠡᠢ ᠭᠡᠵᠦ ᠠᠶᠢᠮᠠᠭ ᠤᠨ ᠨᠣᠮ ᠤᠨ ᠰᠠᠩ ᠠᠴᠠ ᠮᠡᠳᠡᠭᠡᠯᠡᠪᠡ᠃ ᠲᠡᠷᠡ ᠦᠶ᠎ᠡ ᠳᠦ ᠨᠣᠮ ᠤᠨ ᠰᠠᠩ ᠤᠨ ᠦᠢᠯᠡᠴᠢᠯᠡᠭᠡ ᠶᠢ ᠨᠡᠭᠦᠳᠡᠯ ᠦᠨ ᠵᠢᠷᠤᠮ ᠢᠶᠠᠷ ᠵᠣᠬᠢᠶᠠᠨ ᠪᠠᠶᠢᠭᠤᠯᠵᠤ᠂ ᠬᠥᠳᠡᠭᠡ ᠶᠢᠨ ᠮᠠᠯᠴᠢᠳ ᠲᠤ ᠬᠦᠷᠭᠡᠳᠡᠭ᠃ ᠨᠡᠭᠦᠳᠡᠯ ᠦᠨ ᠨᠣᠮ ᠤᠨ ᠰᠠᠩ ᠨᠣᠮ ᠤᠩᠰᠢᠭᠤᠯᠬᠤ ᠳᠤ ᠬᠡᠷᠡᠭᠯᠡᠳᠡᠭ ᠠᠰᠠᠷ᠂ ᠲᠦᠷᠢᠳᠡᠭ ᠲᠡᠷᠭᠡ ᠰᠢᠤᠳᠠᠨ ᠬᠠᠶᠢᠷᠴᠠᠭ ᠢᠶᠠᠷ ᠭᠠᠳᠠᠭᠤᠷ ᠶᠠᠪᠤᠵᠤ ᠨᠣᠮ ᠢ ᠤᠩᠰᠢᠭᠤᠯᠳᠠᠭ ᠪᠠᠶᠢᠭᠰᠠᠨ ᠪᠠᠶᠢᠨ᠎ᠠ᠃ ᠬᠠᠭᠠᠰ ᠵᠢᠯ ᠳᠦ ᠭᠡᠬᠦ ᠳᠦ 2000-3000 ᠬᠦᠮᠦᠨ ᠳᠦ ᠨᠣᠮ ᠬᠦᠷᠭᠡᠵᠦ᠂ ᠤᠩᠰᠢᠭᠤᠯᠳᠠᠭ ᠲᠡᠦᠬᠡ ᠭᠡᠷᠡᠯ ᠵᠢᠷᠤᠭ᠂ ᠠᠷᠬᠢᠪ ᠲᠤ ᠦᠯᠡᠳᠡᠭᠰᠡᠨ ᠪᠠᠶᠢᠨ᠎ᠠ᠃
ᠬᠠᠷᠢᠨ ᠣᠳᠣ ᠴᠠᠭ ᠲᠤ ᠰᠤᠮᠤᠳ ᠤᠨ ᠰᠤᠶᠤᠯ ᠬᠦᠮᠦᠵᠢᠯ ᠦᠨ ᠠᠵᠢᠯ ᠢ ᠪᠠᠭ ᠤᠳ ᠲᠤ ᠵᠣᠬᠢᠶᠠᠨ ᠪᠠᠶᠢᠭᠤᠯᠬᠤ ᠳᠤ ᠪᠠᠨ ᠮᠠᠨ ᠤ ᠶᠡᠬᠡᠩᠬᠢ ᠰᠤᠮᠤ ᠶᠢᠨ ᠨᠣᠮ ᠤᠨ ᠰᠠᠩᠴᠢ ᠨᠠᠷ ᠪᠠᠭ ᠪᠦᠷᠢ ᠳᠦ ᠣᠴᠢᠵᠤ ᠰᠢᠨ᠎ᠡ ᠨᠣᠮ ᠤᠨ ᠲᠠᠨᠢᠯᠴᠠᠭᠤᠯᠭ᠎ᠠ ᠡᠳᠦᠷᠯᠢᠭ ᠬᠢᠬᠦ᠃ ᠨᠣᠮ ᠢ ᠪᠠᠭ ᠤᠳ ᠲᠤ ᠬᠦᠷᠭᠡᠬᠦ᠂ ᠮᠠᠯᠴᠢᠳ ᠲᠤ ᠤᠩᠰᠢᠯᠭ᠎ᠠ ᠶᠢᠨ ᠺᠠᠷᠲ ᠨᠡᠭᠡᠭᠡᠵᠦ ᠬᠦᠷᠭᠡᠳᠡᠭ ᠦᠢᠯᠡ ᠠᠵᠢᠯᠯᠠᠭ᠎ᠠ ᠶᠢ ᠶᠠᠪᠤᠭᠤᠯᠵᠤ ᠪᠠᠶᠢᠨ᠎ᠠ᠃ ᠥᠩᠭᠡᠷᠡᠭᠰᠡᠨ ᠵᠢᠯ ᠭᠡᠬᠦ ᠳᠦ ᠨᠡᠶᠢᠲᠡ 11 ᠰᠤᠮᠤᠨ ᠳᠤ ᠲᠥᠷᠥ ᠶᠢᠨ ᠴᠣᠭᠴᠠ ᠦᠢᠯᠡᠴᠢᠯᠡᠭᠡᠨ ᠦ ᠦᠶ᠎ᠡ ᠪᠡᠷ ᠨᠡᠭᠦᠳᠡᠯ ᠦᠨ ᠨᠣᠮ ᠤᠨ ᠰᠠᠩ ᠠᠵᠢᠯᠯᠠᠭᠤᠯᠵᠤ 4200 ᠭᠠᠷᠤᠢ ᠮᠠᠯᠴᠢᠨ ᠳᠤ ᠨᠣᠮ ᠤᠩᠰᠢᠯᠭ᠎ᠠ ᠶᠢᠨ ᠦᠢᠯᠡᠴᠢᠯᠡᠭᠡ ᠶᠢ ᠦᠵᠡᠭᠦᠯᠦᠭᠰᠡᠨ ᠪᠠᠶᠢᠨ᠎ᠠ ᠭᠡᠪᠡ᠃

ᠰᠡᠳᠬᠢᠭᠳᠡᠯ ᠦᠯᠡᠳᠡᠭᠡᠬᠦ