ᠭᠠᠵᠠᠷ ᠬᠥᠳᠡᠯᠦᠯᠲᠡ ᠶᠢᠨ ᠤᠯᠠᠮ ᠠᠴᠠ 18 ᠬᠦᠮᠦᠨ ᠤ ᠵᠢᠷᠦᠬᠡ  ᠳᠡᠯᠡᠰᠴᠡᠢ | News.MN

ᠭᠠᠵᠠᠷ ᠬᠥᠳᠡᠯᠦᠯᠲᠡ ᠶᠢᠨ ᠤᠯᠠᠮ ᠠᠴᠠ 18 ᠬᠦᠮᠦᠨ ᠤ ᠵᠢᠷᠦᠬᠡ  ᠳᠡᠯᠡᠰᠴᠡᠢ

 

ᠬᠥᠪᠰᠥᠭᠥᠯ ᠠᠶᠢᠮᠠᠭ   ᠲᠤ ᠥᠨᠥᠳᠥᠷ ᠦᠷ︵01.12︶ ᠢᠶᠡᠷ ᠨᠡᠶᠢᠲᠡ ᠵᠢᠷᠭᠤᠭᠠᠨ ᠤᠳᠠᠭ᠎ᠠ ᠶᠢᠨ ᠭᠠᠵᠠᠷ ᠬᠥᠳᠡᠯᠦᠯᠲᠡ ᠪᠣᠯᠵᠤ᠂ ᠢᠷᠭᠡᠳ ᠲᠦ ᠬᠦᠴᠦᠲᠡᠢ ᠮᠡᠳᠡᠷᠡᠭᠳᠡᠭᠰᠡᠨ ᠢ ᠠᠯᠪᠠᠨ ᠤ ᠬᠢᠨ ᠮᠡᠳᠡᠭᠡᠯᠡᠯ᠎ᠡ᠃ ᠬᠣᠬᠢᠷᠠᠯ ᠢ ᠪᠦᠷᠢᠨ ᠲᠣᠭᠲᠠᠭᠠᠭ᠎ᠠ ᠦᠭᠡᠢ ᠪᠥᠭᠡᠳ ᠣᠳᠣ ᠶᠢᠨ ᠪᠠᠶᠢᠳᠠᠯ ᠢᠶᠠᠷ ᠬᠠᠩᠬ᠎ᠠ ᠰᠤᠮᠤᠨ ᠳᠤ ᠪᠠᠶᠢᠰᠢᠩ ᠤᠨ ᠬᠠᠨ᠎ᠠ ᠴᠤᠤᠷᠠᠭᠰᠠᠨ ᠭᠡᠳᠡᠭ ᠢ ᠬᠡᠯᠡᠯ᠎ᠡ᠃
ᠬᠥᠪᠰᠥᠭᠥᠯ ᠠᠶᠢᠮᠠᠭ ᠤᠨ ᠬᠠᠩᠬ᠎ᠠ ᠰᠤᠮᠤ ᠶᠢᠨ ᠵᠠᠰᠠᠭ ᠳᠠᠷᠤᠭ᠎ᠠ ᠯ ∙ ᠳᠠᠸᠠᠪᠠᠶᠠᠷ᠄ 12᠄00 ᠴᠠᠭ ᠤᠨ ᠪᠠᠶᠢᠳᠠᠯ ᠢᠶᠠᠷ ᠣᠳᠣ ᠬᠦᠷᠲᠡᠯ᠎ᠡ ᠭᠣᠯᠣᠮᠲᠠ ᠠᠴᠠ 10 ᠺᠢᠯᠣᠮᠧᠲ᠋ᠷ ᠵᠠᠢ ᠳᠤ ᠴᠡᠴᠡᠷᠡᠭᠡ ᠮᠡᠳᠡᠷᠡᠭᠳᠡᠭᠰᠡᠨ ᠬᠡᠪ ᠢᠶᠡᠷ ᠪᠠᠶᠢᠨ᠎ᠠ᠃ ᠰᠤᠷᠭᠠᠭᠤᠯᠢ᠂ ᠲᠠᠮᠠᠭ᠎ᠠ ᠶᠢᠨ ᠭᠠᠵᠠᠷ ᠤᠨ ᠪᠠᠶᠢᠷᠢᠨ ᠤ ᠬᠠᠨ᠎ᠠ  ᠴᠤᠤᠷᠠᠭᠰᠠᠨ ᠪᠣᠯ ᠡᠷᠡᠭᠦᠯ ᠮᠡᠨᠳᠦ ᠶᠢᠨ ᠲᠥᠪ ᠦᠨ ᠪᠠᠶᠢᠷᠢᠨ ᠤ ᠳᠡᠭᠡᠪᠦᠷ ᠨᠤᠷᠠᠭᠰᠠᠨ᠃ 55-79 ᠨᠠᠰᠤᠨ ᠤ 18 ᠬᠦᠮᠦᠨ ᠳᠠᠭᠤᠳᠠᠯᠭ᠎ᠠ ᠦᠭᠴᠦ᠂ ᠵᠢᠷᠦᠬᠡ ᠳᠡᠯᠡᠰᠦᠭᠰᠡᠨ᠂ ᠠᠮᠢᠰᠬᠤᠭ᠎ᠠ ᠳᠠᠪᠬᠤᠴᠠᠭᠰᠠᠨ᠂ ᠠᠶᠤᠭᠰᠠᠨ ᠭᠡᠵᠡᠢ ᠭᠡᠯ᠎ᠡ᠃

ᠰᠡᠳᠬᠢᠭᠳᠡᠯ ᠦᠯᠡᠳᠡᠭᠡᠬᠦ