ᠮ ∙ᠤᠷᠠᠨᠴᠡᠴᠡᠭ ᠳ᠋ᠤᠾᠠ ᠮᠠᠰᠲ᠋ᠸᠷᠰ ᠠᠴᠠ ᠬᠦᠷᠡᠯ ᠮᠧᠳᠠᠯ ᠬᠦᠷᠲᠡᠯ᠎ᠡ  | News.MN

ᠮ ∙ᠤᠷᠠᠨᠴᠡᠴᠡᠭ ᠳ᠋ᠤᠾᠠ ᠮᠠᠰᠲ᠋ᠸᠷᠰ ᠠᠴᠠ ᠬᠦᠷᠡᠯ ᠮᠧᠳᠠᠯ ᠬᠦᠷᠲᠡᠯ᠎ᠡ 

 

ᠳ᠋ᠤᠾᠠ  ᠳᠤ ᠥᠴᠥᠭᠡᠳᠦᠷ ᠡᠬᠢᠯᠡᠭᠰᠡᠨ ᠵᠢᠦ᠋ᠳᠣ᠋ ᠪᠥᠬᠡ ᠶᠢᠨ ᠮᠠᠰᠲ᠋ᠸᠷᠰ ᠲᠡᠮᠡᠴᠡᠭᠡᠨ ᠡᠴᠡ ᠮᠣᠩᠭᠣᠯ ᠤᠯᠤᠰ ᠤᠨ ᠭᠠᠪᠢᠶᠠᠲᠤ ᠲᠠᠮᠢᠷᠴᠢᠨ ᠮ ∙ᠤᠷᠠᠨᠴᠡᠴᠡᠭ ᠬᠦᠷᠡᠯ ᠮᠧᠳᠠᠯ ᠬᠦᠷᠲᠡᠯ᠎ᠡ᠃ ᠵᠢᠩ ᠲᠤᠰ ᠪᠦᠷᠢ ᠶᠢᠨ  ᠴᠢᠨᠰᠠᠭᠠᠨ ᠤ ᠡᠬᠢᠨ ᠦ 32 ᠲᠤ ᠡᠷᠡᠮᠪᠡ ᠲᠡᠢ ᠳᠡᠯᠡᠬᠡᠢ ᠶᠢᠨ ᠰᠢᠯᠢᠳᠡᠭ ᠦᠳ ᠴᠢᠭᠤᠯᠤᠭᠰᠠᠨ ᠲᠤᠰ ᠲᠡᠮᠡᠴᠡᠭᠡᠨ ᠳᠦ ᠲᠡᠷᠡᠪᠡᠷ 48 ᠺᠢᠯᠦᠭᠷᠡᠮ ᠦᠨ ᠵᠢᠩ ᠳᠦ ᠪᠠᠷᠢᠯᠳᠤᠭᠰᠠᠨ ᠪᠥᠭᠡᠳ ᠡᠬᠢᠨ ᠦ ᠲᠣᠭᠣᠷᠢᠭ ᠲᠤ ᠬᠡᠶᠢᠯᠡᠵᠦ᠂ ᠳᠠᠷᠠᠭ᠎ᠠ ᠶᠢᠨ ᠲᠣᠭᠣᠷᠢᠭ ᠲᠤ ᠣᠷᠣᠰ ᠦᠨ ᠪᠥᠬᠡ ᠢᠷᠢᠨ᠎ᠠ ᠳ᠋ᠤᠯᠭᠤᠸᠠ ᠲᠠᠢ ᠲᠠᠭᠠᠷᠠᠭᠰᠠᠨ ᠴᠤ ᠲᠡᠭᠦᠨ ᠦ ᠥᠷᠢᠰᠦᠯᠳᠦᠭᠴᠢ ᠡᠬᠢᠨ ᠦ ᠲᠣᠭᠣᠷᠢᠭ ᠲᠤ ᠱᠠᠭ᠎ᠠ ᠪᠠᠨ ᠭᠡᠮᠲᠦᠭᠡᠭᠰᠡᠨ ᠤᠴᠢᠷ ᠪᠠᠷᠢᠯᠳᠤᠬᠤ ᠪᠣᠯᠤᠮᠵᠢ ᠦᠭᠡᠢ ᠪᠣᠯᠵᠤ᠂ ᠮᠠᠨ ᠤ ᠲᠠᠮᠢᠷᠴᠢᠨ ᠠᠪᠤᠷᠭᠤ ᠶᠢᠨ ᠲᠥᠯᠥᠭᠡ ᠦᠷᠢᠰᠦᠯᠳᠦᠬᠦ ᠪᠣᠯᠪᠠ᠃
ᠡᠨᠡ ᠪᠠᠷᠢᠯᠳᠤᠭᠠᠨ ᠳᠤ ᠦᠺᠷᠠᠶᠢᠨ ᠤ ᠪᠦᠬᠡ ᠳᠡᠯᠡᠬᠡᠢ ᠶᠢᠨ ᠬᠣᠱᠣᠢ ᠠᠪᠤᠷᠭᠤ  ᠳ᠋ᠠᠷᠢᠶᠠ ᠪᠸᠯᠤᠳ᠋ᠸᠳᠢᠳ᠋  ᠲᠠᠢ ᠤᠴᠠᠷᠠᠭ᠎ᠠ ᠲᠠᠭᠠᠷᠠᠨ ᠴᠡᠪᠡᠷ ᠢᠯᠠᠭᠳᠠᠭᠰᠠᠨ ᠴᠤ ᠳᠠᠭᠠᠬᠤ ᠪᠠᠷᠢᠯᠳᠤᠭᠠᠨ ᠳᠤ ᠠᠷᠭᠧᠨᠲ᠋ᠢᠨ ᠤ ᠲᠠᠮᠢᠷᠴᠢᠨ᠂ ᠣᠯᠢᠮᠫ ᠤᠨ ᠠᠪᠤᠷᠭᠤ ᠫᠠᠤᠯ ᠫᠠᠷᠧᠲ᠋ᠠ ᠶᠢ ᠢᠯᠠᠭᠰᠠᠨ ᠢᠶᠠᠷ ᠬᠦᠷᠡᠯ ᠮᠧᠳᠠᠯ ᠤᠨ ᠲᠥᠯᠥᠭᠡ ᠪᠠᠷᠢᠯᠳᠤᠬᠤ ᠪᠠᠷ ᠪᠣᠯᠤᠭᠰᠠᠨ ᠶᠤᠮ᠃ ᠡᠶᠢᠨᠬᠦᠦ 2019 ᠣᠨ ᠤ ᠳᠡᠯᠡᠬᠡᠢ ᠶᠢᠨ ᠠᠪᠤᠷᠭᠤ ᠰᠢᠯᠭᠠᠷᠠᠭᠤᠯᠬᠤ ᠲᠡᠮᠡᠴᠡᠭᠡᠨ ᠦ ᠠᠯᠲᠠᠨ ᠮᠧᠳᠠᠯ ᠤᠨ ᠲᠥᠯᠥᠭᠡ ᠪᠠᠷᠢᠯᠳᠤᠵᠤ ᠪᠠᠶᠢᠭᠰᠠᠨ ᠹᠷᠠᠨᠼᠢ ᠶᠢᠨ ᠪᠦᠬᠡ᠍ ᠲᠡᠢ  ᠪᠠᠷᠢᠯᠳᠤᠵᠤ ᠢᠯᠠᠯᠲᠠ ᠪᠠᠶᠢᠭᠤᠯᠪᠠ᠃

ᠰᠡᠳᠬᠢᠭᠳᠡᠯ ᠦᠯᠡᠳᠡᠭᠡᠬᠦ