ᠪᠤᠯᠠᠭᠠᠨ ᠠᠶᠢᠮᠠᠭ ᠠᠩᠬᠠᠨ ᠤ ᠬᠣᠣᠰ ᠪᠢᠴᠢᠭᠲᠡᠨ ᠪᠣᠯᠭᠠᠬᠤ ᠠᠶᠠᠨ ᠡᠬᠢᠯᠡᠭᠦᠯᠦᠯ᠎ᠡ  | News.MN

ᠪᠤᠯᠠᠭᠠᠨ ᠠᠶᠢᠮᠠᠭ ᠠᠩᠬᠠᠨ ᠤ ᠬᠣᠣᠰ ᠪᠢᠴᠢᠭᠲᠡᠨ ᠪᠣᠯᠭᠠᠬᠤ ᠠᠶᠠᠨ ᠡᠬᠢᠯᠡᠭᠦᠯᠦᠯ᠎ᠡ 

 

ᠮᠣᠩᠭᠣᠯ ᠤᠯᠤᠰ 2025 ᠣᠨ ᠠᠴᠠ ᠠᠯᠪᠠᠨ ᠪᠢᠴᠢᠭ ᠢᠶᠡᠨ ᠮᠣᠩᠭᠣᠯ ᠪᠢᠴᠢᠭ ᠪᠣᠯᠤᠨ ᠺᠢᠷᠢᠯ ᠪᠢᠴᠢᠭ ᠢᠶᠡᠷ ᠬᠥᠲᠥᠯᠬᠦ ᠪᠡᠷ ᠪᠣᠯᠤᠭᠰᠠᠨ ᠲᠠᠢ ᠬᠣᠯᠪᠣᠭᠳᠠᠭᠤᠯᠤᠨ ᠪᠡᠯᠡᠳᠬᠡᠯ ᠠᠵᠢᠯ ᠢᠶᠠᠨ ᠬᠠᠩᠭᠠᠵᠤ ᠪᠠᠶᠢᠨ᠎ᠠ᠃ ᠲᠡᠭᠡᠪᠡᠯ ᠪᠤᠯᠠᠭᠠᠨ ᠠᠶᠢᠮᠠᠭ ᠮᠣᠩᠭᠣᠯ ᠪᠢᠴᠢᠭ ᠢ ᠲᠥᠷᠥ ᠶᠢᠨ ᠠᠯᠪᠠᠨ ᠬᠠᠭᠠᠭᠴᠢᠳ᠂ ᠢᠷᠭᠡᠳ ᠲᠦ ᠡᠵᠡᠮᠰᠢᠭᠦᠯᠬᠦ᠂ ᠬᠣᠶᠢᠴᠢ ᠦᠶ᠎ᠡ ᠳᠦ ᠪᠡᠨ ᠥᠪᠯᠡᠭᠦᠯᠬᠦ ᠣᠷᠴᠢᠨ ᠨᠥᠬᠥᠴᠡᠯ ᠢ ᠪᠦᠷᠢᠳᠦᠭᠦᠯᠬᠦ᠂ ᠤᠯᠠᠮ ᠢᠶᠠᠷ ᠪᠦᠬᠦ ᠨᠡᠶᠢᠲᠡ ᠶᠢᠨ ᠬᠡᠷᠡᠭᠯᠡᠭᠡᠨ ᠦ ᠪᠢᠴᠢᠭ ᠪᠣᠯᠭᠠᠬᠤ ᠵᠣᠷᠢᠯᠭ᠎ᠠ ᠪᠠᠷ 2021 ᠣᠨ ᠳᠤ 《ᠦᠨᠳᠦᠰᠦᠨ ᠦ ᠥᠪ᠂ ᠪᠢᠴᠢᠭ ᠰᠤᠶᠤᠯ ᠢ ᠲᠦᠭᠡᠭᠡᠨ ᠳᠡᠯᠭᠡᠷᠡᠭᠦᠯᠬᠦ》 ᠵᠢᠯ ᠦᠨ ᠠᠶᠠᠨ ᠵᠠᠷᠯᠠᠭᠰᠠᠨ ᠪᠠᠶᠢᠨ᠎ᠠ᠃ ᠲᠤᠰ ᠠᠶᠠᠨ ᠤ ᠨᠡᠭᠡᠭᠡᠯᠲᠡ ᠥᠴᠥᠭᠡᠳᠦᠷ  ᠪᠤᠯᠵᠤ᠂ ᠪᠤᠯᠠᠭᠠᠨᠴᠤᠤᠳ ᠠᠩᠬᠠᠨ ᠤ ᠬᠤᠤᠰ ᠪᠢᠴᠢᠭᠲᠡᠨ ᠠᠢᠮᠠᠭ ᠪᠣᠯᠬᠤ ᠶᠡᠬᠡ ᠠᠵᠢᠯ ᠤᠨ ᠭᠠᠷᠤᠭ᠎ᠠ ᠪᠠᠨ ᠡᠶᠢᠨᠬᠦᠦ ᠡᠬᠢᠯᠡᠯ᠎ᠡ ᠬᠡᠮᠡᠨ ᠲᠤᠰ ᠠᠶᠢᠮᠠᠭ ᠤᠨ ᠠᠯᠪᠠᠨ ᠶᠣᠰᠣᠨ ᠤ ᠴᠠᠬᠢᠮ ᠬᠠᠭᠤᠳᠠᠰᠤ ᠳᠤ ᠮᠡᠳᠡᠭᠳᠡᠵᠡᠢ᠃

ᠰᠡᠳᠬᠢᠭᠳᠡᠯ ᠦᠯᠡᠳᠡᠭᠡᠬᠦ