《ᠮᠣᠩᠭᠣᠯ ᠪᠢᠴᠢᠭ ᠦᠨ ᠦᠨᠳᠦᠰᠦᠨ ᠦ ᠬᠥᠲᠥᠯᠪᠦᠷᠢ III》 ᠍ ᠳᠦ ᠪᠡᠯᠡᠳᠬᠡᠵᠦ ᠡᠬᠢᠯᠡᠯ᠎ᠡ  | News.MN

《ᠮᠣᠩᠭᠣᠯ ᠪᠢᠴᠢᠭ ᠦᠨ ᠦᠨᠳᠦᠰᠦᠨ ᠦ ᠬᠥᠲᠥᠯᠪᠦᠷᠢ III》 ᠍ ᠳᠦ ᠪᠡᠯᠡᠳᠬᠡᠵᠦ ᠡᠬᠢᠯᠡᠯ᠎ᠡ 

ᠮᠣᠩᠭᠣᠯ ᠬᠡᠯᠡ ᠪᠢᠴᠢᠭ ᠦᠨ ᠪᠠᠭᠰᠢ ᠨᠠᠷ ᠲᠤ ᠵᠣᠷᠢᠭᠤᠯᠤᠭᠰᠠᠨ 《ᠣᠶᠤᠨ ᠪᠢᠯᠢᠭ ᠦᠨ ᠰᠣᠶᠣᠷᠬᠠᠯ》 ᠴᠠᠬᠢᠮ ᠯᠸᠺᠼ ᠰᠧᠮᠢᠨᠠᠷ ᠤᠨ ᠬᠤᠶᠠᠳᠠᠬᠢ ᠡᠳᠦᠷ ᠦᠨ ᠰᠤᠷᠭᠠᠯᠲᠠ ᠥᠴᠥᠭᠡᠳᠦᠷ ᠪᠣᠯᠤᠯ᠎ᠠ᠃ ᠡᠨᠡ ᠰᠤᠷᠭᠠᠯᠲᠠ ᠨᠢ 《ᠮᠣᠩᠭᠣᠯ ᠪᠢᠴᠢᠭ ᠦᠨ ᠦᠨᠳᠦᠰᠦᠨ ᠦ ᠬᠥᠲᠥᠯᠪᠦᠷᠢ III》 ᠶᠢ ᠬᠡᠷᠡᠭᠵᠢᠭᠦᠯᠬᠦ ᠳᠦ ᠪᠠᠭᠰᠢ ᠨᠠᠷ ᠲᠤ ᠣᠨᠣᠯ᠂ ᠠᠷᠭ᠎ᠠ ᠵᠦᠢ ᠶᠢᠨ ᠳᠡᠮᠵᠢᠯᠭᠡ ᠦᠵᠡᠭᠦᠯᠬᠦ᠂ ᠮᠡᠷᠭᠡᠵᠢᠯ ᠦᠨ ᠮᠡᠳᠡᠯᠭᠡ᠂ ᠤᠷ᠎ᠠ ᠴᠢᠳᠠᠪᠤᠷᠢ ᠶᠢ ᠳᠡᠭᠡᠭᠰᠢᠯᠡᠭᠦᠯᠬᠦ ᠵᠣᠷᠢᠯᠭ᠎ᠠ ᠲᠠᠢ ᠶᠤᠮ᠃ ᠨᠡᠶᠢᠰᠯᠡᠯ ᠦᠨ ᠶᠢᠰᠦᠨ ᠳᠡᠭᠦᠷᠭᠡ ᠶᠢᠨ ᠶᠡᠷᠦᠩᠬᠡᠢ ᠪᠣᠯᠪᠠᠰᠤᠷᠠᠯ ᠤᠨ ᠰᠤᠷᠭᠠᠭᠤᠯᠢ᠂ ᠨᠠᠰᠤᠨ ᠲᠤᠷᠰᠢ ᠶᠢᠨ ᠪᠣᠯᠪᠠᠰᠤᠷᠠᠯ ᠤᠨ ᠲᠥᠪ᠂ ᠮᠡᠷᠭᠡᠵᠢᠯ ᠦᠨ ᠰᠤᠷᠭᠠᠯᠲᠠ᠂ ᠦᠢᠯᠡᠳᠪᠦᠷᠢᠯᠡᠯ ᠦᠨ ᠲᠥᠪ᠂ ᠺᠣᠯᠯᠧᠵᠢ ᠳᠤ ᠠᠵᠢᠯᠯᠠᠵᠤ ᠪᠤᠢ ᠮᠣᠩᠭᠣᠯ ᠬᠡᠯᠡ ᠪᠢᠴᠢᠭ᠂ ᠤᠷᠠᠨ ᠵᠣᠬᠢᠶᠠᠯ ᠤᠨ 1000 ᠣᠷᠴᠢᠮ ᠪᠠᠭᠰᠢ ᠣᠷᠣᠯᠴᠠᠭᠰᠠᠨ ᠶᠤᠮ᠃
ᠬᠤᠶᠠᠳᠠᠬᠢ ᠡᠳᠦᠷ ᠦᠨ ᠰᠤᠷᠭᠠᠯᠲᠠ ᠳᠤ ᠫᠷᠣᠹᠧᠰᠰᠣᠷ ᠨ ∙ ᠨᠠᠩᠰᠠᠯᠮ᠎ᠠ《ᠬᠡᠯᠡ ᠳᠦ ᠤᠷᠤᠬᠤ᠂ ᠬᠡᠯᠡ ᠡᠵᠡᠮᠰᠢᠬᠦ ᠦᠢᠯᠡ》᠂ ᠫᠷᠣᠹᠧᠰᠰᠣᠷ ᠵ ∙ ᠪᠠᠶᠠᠨᠰᠠᠩ 《ᠬᠡᠯᠡᠨ ᠦ ᠰᠤᠶᠤᠯ᠂ ᠦᠨᠳᠦᠰᠦᠨ ᠦ ᠰᠡᠳᠬᠢᠯᠭᠡ》᠂ ᠠᠷᠠᠳ ᠤᠨ ᠪᠠᠭᠰᠢ ᠱ ∙ ᠴᠣᠶᠢᠮ᠎ᠠ 《ᠦᠨᠳᠦᠰᠦᠨ ᠦ ᠪᠢᠴᠢᠭ ᠦᠨ ᠵᠢᠭᠠᠬᠤ ᠠᠷᠭ᠎ᠠ ᠶᠢᠨ ᠤᠯᠠᠮᠵᠢᠯᠠᠯ᠂ ᠰᠢᠨᠡᠴᠢᠯᠡᠯ》᠂ ᠳ᠋ᠣᠺᠲ᠋ᠣᠷ ᠸ ∙ ᠳᠠᠰᠢᠳᠠᠪᠠ 《ᠬᠡᠯᠡ ᠰᠤᠷᠭᠠᠬᠤᠢ ᠪᠠ ᠣᠷᠴᠢᠨ ᠴᠠᠭ ᠤᠨ ᠬᠡᠯᠡ ᠰᠢᠨᠵᠢᠯᠡᠯ》᠂ ᠰᠢᠨᠵᠢᠯᠡᠬᠦ ᠤᠬᠠᠭᠠᠨ ᠤ ᠠᠺᠠᠳ᠋ᠸᠮᠢ ᠶᠢᠨ ᠬᠡᠯᠡ ᠵᠣᠬᠢᠶᠠᠯ ᠤᠨ ᠬᠦᠷᠢᠶᠡᠯᠡᠩ ᠦᠨ ᠲᠠᠰᠤᠭ ᠤᠨ ᠡᠷᠬᠢᠯᠡᠭᠴᠢ᠂ ᠳ᠋ᠣᠺᠲ᠋ᠣᠷ ᠡ᠊ ∙ ᠫᠦᠷᠪᠦᠵᠠᠪ 《ᠮᠣᠩᠭᠣᠯ ᠤᠨ ᠨᠢᠭᠤᠴᠠ ᠲᠤᠪᠴᠢᠶᠠᠨ᠂ ᠲᠡᠭᠦᠨ ᠢ ᠵᠢᠭᠠᠬᠤ ᠰᠤᠷᠭᠠᠬᠤ ᠠᠷᠭ᠎ᠠ ᠵᠦᠢ》 ᠭᠡᠰᠡᠨ ᠰᠡᠳᠦᠪ ᠢᠶᠡᠷ ᠬᠢᠴᠢᠶᠡᠯ ᠣᠷᠣᠯ᠎ᠠ᠃

ᠰᠡᠳᠬᠢᠭᠳᠡᠯ ᠦᠯᠡᠳᠡᠭᠡᠬᠦ