National Geographic Russia ᠰᠤᠪᠠᠭ ᠠᠴᠠ ᠵᠠᠷᠯᠠᠭᠰᠠᠨ《ᠨᠡᠭᠦᠳᠡᠯᠴᠢᠨ ᠦ ᠨᠢᠳᠦ ᠪᠡᠷ》ᠭᠡᠷᠡᠯ ᠵᠢᠷᠤᠭ ᠤᠨ ᠤᠷᠤᠯᠳᠤᠭᠠᠨ ᠳᠤ ᠪᠤᠷᠢᠶᠠᠳ ᠤᠨ ᠭᠡᠷᠡᠯ ᠵᠢᠷᠤᠭᠴᠢᠨ ᠠᠯᠧᠺᠰᠠᠨᠳᠠᠷ ᠭᠠᠷᠮᠠᠶ᠋ᠸᠸ ᠲᠦᠷᠦᠭᠦᠯᠡᠵᠡᠢ᠃ ᠲᠡᠷᠡ ᠰᠡᠳᠬᠦᠯᠴᠢᠳ ᠲᠦ᠄ ᠵᠣᠬᠢᠶᠠᠨ ᠪᠠᠶᠢᠭᠤᠯᠤᠭᠴᠢᠳ ᠮᠢᠨᠦ ᠪᠦᠲᠦᠭᠡᠯ ᠢ ᠦᠨᠡᠯᠡᠭᠰᠡᠨ ᠳᠦ ᠶᠡᠬᠡ ᠪᠠᠶᠠᠷᠲᠠᠢ ᠪᠠᠶᠢᠨ᠎ᠠ᠃ ᠨᠣᠬᠠᠢ ᠲᠠᠢ ᠥᠬᠢᠨ ᠤ ᠵᠢᠷᠤᠭ ᠮᠠᠨᠢ ᠲᠦᠷᠦᠭᠦᠯᠡᠯ᠎ᠡ᠃ ᠡᠨᠡ ᠵᠢᠷᠤᠭ ᠢ 2016 ᠣᠨ ᠳᠤ ᠦᠪᠦᠷ ᠮᠣᠩᠭᠣᠯ ᠳᠤ ᠠᠯᠲᠠᠷᠭᠠᠨ᠎ᠠ ᠨᠠᠭᠠᠳᠤᠮ ᠤᠨ ᠦᠶ᠎ᠡ ᠪᠡᠷ ᠠᠪᠤᠭᠰᠠᠨ ᠶᠤᠮ ᠭᠡᠵᠦ ᠶᠠᠷᠢᠭᠰᠠᠨ ᠪᠠᠶᠢᠨ᠎ᠠ᠃