ᠠᠮᠠᠨ ᠥᠪ ᠤᠨ ᠤᠯᠠᠮᠵᠢᠯᠠᠯ ᠢ ᠬᠠᠳᠠᠭᠠᠯᠠᠬᠤ ᠲᠠᠯ᠎ᠠ ᠪᠡᠷ ᠬᠡᠯᠡᠯᠴᠡᠯ᠎ᠡ | News.MN

ᠠᠮᠠᠨ ᠥᠪ ᠤᠨ ᠤᠯᠠᠮᠵᠢᠯᠠᠯ ᠢ ᠬᠠᠳᠠᠭᠠᠯᠠᠬᠤ ᠲᠠᠯ᠎ᠠ ᠪᠡᠷ ᠬᠡᠯᠡᠯᠴᠡᠯ᠎ᠡ

ᠥᠪᠥᠷᠬᠠᠩᠭᠠᠢ ᠠᠶᠢᠮᠠᠭ ᠤᠨ ᠵᠠᠰᠠᠭ ᠳᠠᠷᠤᠭ᠎ᠠ ᠶ᠋ᠢᠨ ᠲᠠᠮᠠᠭ᠎ᠠ ᠶ᠋ᠢᠨ ᠭᠠᠵᠠᠷ ᠂ ᠪᠣᠯᠪᠠᠰᠤᠷᠠᠯ ᠂ ᠰᠣᠶᠣᠯ  ᠤᠷᠠᠯᠢᠭ ᠤᠨ ᠭᠠᠵᠠᠷ ᠂ ᠰᠢᠨᠵᠢᠯᠡᠬᠦ ᠤᠬᠠᠭᠠᠨ ᠤ ᠠᠺᠠᠳᠧᠮᠢ ᠶ᠋ᠢᠨ ᠬᠡᠯᠡ ᠵᠣᠬᠢᠶᠠᠯ ᠤᠨ ᠬᠦᠷᠢᠶᠡᠯᠡᠩ ᠬᠠᠮᠲᠤᠷᠠᠨ ︽ᠠᠮᠠᠨ ᠥᠪ  ᠤᠨ ᠤᠯᠠᠮᠵᠢᠯᠠᠯ ᠢ ᠬᠠᠳᠠᠭᠠᠯᠠᠬᠤ ᠥᠪᠯᠡᠭᠦᠯᠬᠦ ᠵᠠᠷᠢᠮ ᠠᠷᠭ᠎ᠠ ᠵᠠᠮ ︾ᠣᠯᠠᠨ ᠤᠯᠤᠰ ᠤᠨ ᠡᠷᠳᠡᠮ ᠰᠢᠨᠵᠢᠯᠡᠭᠡᠨ ᠤ ᠴᠠᠬᠢᠮ ᠬᠤᠷᠠᠯ ᠢ 12 ᠳ᠋ᠤᠭᠠᠷ ᠰᠠᠷ᠎ᠠ ᠶ᠋ᠢᠨ 20 ᠤ ᠡᠳᠦᠷ ᠵᠣᠬᠢᠶᠠᠨ ᠪᠠᠶᠢᠭᠤᠯᠤᠯ᠎ᠠ ᠃

ᠠᠮᠠᠨ ᠥᠪ ᠰᠣᠶᠣᠯ ᠢ ᠬᠠᠮᠠᠭᠠᠯᠠᠬᠤ ᠂ ᠥᠪᠯᠡᠭᠦᠯᠤᠨ ᠤᠯᠠᠮᠵᠢᠯᠠᠭᠤᠯᠬᠤ ᠂ ᠲᠦᠭᠡᠭᠡᠨ ᠳᠡᠯᠭᠡᠷᠡᠭᠦᠯᠬᠦ ᠠᠷᠭ᠎ᠠ ᠵᠠᠮ ᠢ ᠲᠣᠳᠣᠷᠬᠠᠶᠢᠯᠠᠬᠤ ᠵᠣᠷᠢᠯᠭ᠎ᠠ ᠲᠠᠢ ᠲᠤᠰ ᠬᠤᠷᠠᠯ ᠢᠶᠠᠷ ︽ ᠠᠮᠠᠨ ᠰᠣᠶᠣᠯ ᠰᠤᠳᠤᠯᠤᠯ ︾᠂︽ᠠᠮᠠᠨ ᠥᠪ ᠰᠣᠶᠣᠯ ᠢ ᠬᠠᠳᠠᠭᠠᠯᠠᠬᠤ ᠤᠯᠠᠮᠵᠢᠯᠠᠭᠤᠯᠬᠤ ᠣᠯᠠᠨ ᠤᠯᠤᠰ ᠤᠨ ᠲᠤᠷᠰᠢᠯᠭ᠎ᠠ︾᠂︽ᠠᠮᠠᠨ ᠥᠪ ᠰᠣᠶᠣᠯ ᠢ ᠬᠠᠳᠠᠭᠠᠯᠠᠵᠤ ᠬᠠᠮᠠᠭᠠᠯᠠᠬᠤ ᠠᠷᠭ᠎ᠠ ᠵᠠᠮ ︾ ᠰᠡᠳᠦᠪ ᠦᠨ ᠳᠣᠣᠷ᠎ᠠ ᠬᠡᠯᠡᠯᠴᠡᠭᠦᠯᠭᠡ ᠥᠷᠨᠢᠭᠦᠯᠦᠭᠰᠡᠨ ᠶᠤᠮ ᠃ ᠬᠤᠷᠠᠯ  ᠳᠦ ᠣᠷᠣᠰ ᠤᠨ ᠲᠤᠪᠠ ᠂ ᠬᠠᠯᠢᠮᠠᠭ ᠂ ᠬᠢᠲᠠᠳ ᠤᠨ ᠥᠪᠥᠷ ᠮᠣᠩᠭᠣᠯ ᠤᠨ ᠥᠪᠡᠷᠲᠡᠭᠡᠨ ᠵᠠᠰᠠᠬᠤ ᠣᠷᠣᠨ ᠂ ᠮᠣᠩᠭᠣᠯ ᠤᠯᠤᠰ ᠤᠨ ᠡᠷᠳᠡᠮᠲᠡᠨ ᠰᠤᠳᠤᠯᠤᠭᠠᠴᠢᠳ ᠂ ᠥᠪᠥᠷᠬᠠᠩᠭᠠᠢ ᠠᠶᠢᠮᠠᠭ ᠤᠨ ᠰᠣᠶᠣᠯ ᠤᠨ ᠰᠠᠯᠪᠤᠷᠢ ᠶ᠋ᠢᠨ ᠲᠥᠯᠥᠭᠡᠯᠡᠯ ᠦᠳ ᠣᠷᠣᠯᠴᠠᠵᠤ ᠂ ᠠᠮᠠᠨ ᠥᠪ ᠢ ᠤᠯᠠᠮᠵᠢᠯᠠᠭᠤᠯᠵᠤ ᠠᠪᠴᠤ ᠦᠯᠡᠳᠡᠬᠦ ᠂ ᠬᠠᠳᠠᠭᠠᠯᠠᠨ ᠬᠠᠮᠠᠭᠠᠯᠠᠬᠤ ᠂ ᠲᠦᠭᠡᠭᠡᠨ ᠳᠡᠯᠭᠡᠷᠡᠭᠦᠯᠬᠦ ᠴᠢᠭᠯᠡᠯ ᠢᠶ᠋ᠡᠷ 20 ᠭᠠᠷᠤᠢ ᠢᠯᠡᠳᠬᠡᠯ ᠢ ᠰᠣᠨᠣᠷᠳᠠᠭᠤᠯᠤᠯ᠎ᠠ ᠃

ᠰᠡᠳᠬᠢᠭᠳᠡᠯ ᠦᠯᠡᠳᠡᠭᠡᠬᠦ