︽ ᠦᠨᠳᠦᠰᠦᠨ ᠤ ᠦᠰᠦᠭᠯᠡᠯ ᠦᠨ ᠠᠪᠤᠷᠭᠤ 2021 ︾ ᠴᠡᠩᠭᠡᠭᠦᠨ ᠦ ᠬᠠᠭᠠᠰ ᠰᠢᠭᠰᠢᠭᠡ ᠶᠢᠨ ᠳ᠋ᠤᠭᠠᠷ ᠦᠵᠡᠭᠴᠢᠳ ᠲᠦ ᠬᠦᠷᠴᠦ ᠂ ᠡ᠊·ᠠᠮᠢᠨᠵᠢᠷᠭᠠᠯ ᠂ ᠪ᠊ ·ᠡᠩᠬᠡᠲᠤᠤᠯᠠ ᠂ ᠡ᠊ · ᠪᠤᠶᠠᠨᠬᠡᠰᠢᠭ ᠂ ᠠ᠊ · ᠠᠩᠭᠠᠷᠠᠭ ᠂ ᠡ᠊ · ᠡᠩᠬᠡ ᠣᠷᠴᠢᠯᠠᠩ ᠂ ᠨ᠊ · ᠭᠡᠭᠡᠨᠪᠢᠯᠢᠭ ᠠᠪᠢᠶᠠᠰ ᠴᠢᠳᠠᠪᠤᠷᠢ ᠂ ᠠᠪᠬᠠᠯᠵᠢ ᠰᠠᠮᠪᠠᠭ᠎ᠠ ᠂ ᠮᠣᠩᠭᠣᠯ ᠬᠡᠯᠡᠨ ᠤ ᠮᠡᠳᠡᠯᠭᠡ ᠪᠡᠷ ᠢᠶ᠋ᠡᠨ ᠪᠤᠰᠤᠳ ᠡᠴᠠ ᠢᠯᠭᠠᠷᠠᠵᠤ ᠂ ᠰᠢᠯᠢᠳᠡᠭ ᠭᠡᠳᠡᠭ ᠢᠶ᠋ᠡᠨ ᠪᠠᠲᠤᠯᠠᠨ ᠬᠠᠷᠢᠭᠤᠯᠪᠠ ᠃
ᠨᠡᠶᠢᠲᠡ ᠨᠠᠢᠮᠠᠨ ᠳ᠋ᠤᠭᠠᠷ ᠤᠨ ᠲᠤᠷᠰᠢ ᠮᠣᠩᠭᠣᠯ ᠬᠡᠯᠡᠨ ᠤ ᠦᠭᠡᠰ ᠤᠨ ᠰᠠᠩ ᠢᠶᠠᠷ ᠦᠵᠡᠭᠴᠢᠳ ᠢ ᠠᠶᠠᠯᠠᠭᠤᠯᠤᠭᠰᠠᠨ ᠣᠷᠣᠯᠴᠠᠭᠴᠢᠳ ᠤᠨ ᠤᠷ᠎ᠠ ᠴᠢᠳᠠᠪᠤᠷᠢ ᠂ ᠬᠢᠴᠢᠶᠡᠯ ᠵᠢᠳᠬᠦᠯ ᠲᠤᠩ ᠪᠠᠬᠠᠷᠬᠠᠮ᠎ᠠ ᠪᠠᠶᠢᠭᠰᠠᠨ ᠢ ᠣᠨᠴᠠᠯᠠᠬᠤ ᠨᠢ ᠵᠦᠢᠲᠡᠢ ᠃ ᠬᠥᠮᠥᠨ ᠪᠦᠷᠢ ᠵᠥᠪ ᠪᠢᠴᠢᠭ ᠤᠨ ᠳᠦᠷᠢᠮ ᠢᠶ᠋ᠡᠨ ᠡᠷᠭᠢᠨ ᠬᠠᠷᠠᠬᠤ ᠳᠤ ᠲᠣᠮᠣᠬᠠᠨ ᠨᠥᠯᠥᠭᠡ ᠦᠵᠡᠭᠦᠯᠦᠭᠰᠡᠨ ᠭᠣᠣᠯ ᠬᠥᠮᠥᠰ ᠪᠣᠯ ᠲᠡᠳᠡᠭᠡᠷ ᠦᠰᠦᠭᠯᠡᠭᠴᠢ ᠶᠤᠮ ᠃
ᠰᠢᠯᠢᠳᠡᠭ ᠵᠢᠷᠭᠤᠭ᠎ᠠ ᠶᠢᠨ ᠨᠢᠭᠡ ᠡ᠊ · ᠪᠤᠶᠠᠨᠬᠡᠰᠢᠭ ᠭᠣᠪᠢ ᠰᠦᠮᠪᠦᠷ ᠠᠶᠢᠮᠠᠭ ᠡᠴᠠ ᠂ ᠪᠤᠰᠤᠳ ᠨᠢ ᠤᠯᠠᠭᠠᠨᠪᠠᠭᠠᠲᠤᠷ ᠬᠣᠲᠠ ᠡᠴᠠ ᠣᠷᠣᠯᠴᠠᠵᠤ ᠪᠠᠶᠢᠨ᠎ᠠ ᠃ ᠡᠨᠡ ᠥᠷᠢᠰᠦᠯᠳᠦᠭᠡᠨ ᠡᠴᠡ ᠵᠥᠪᠬᠡᠨ ᠨᠢᠭᠡ ᠨᠢ ᠦᠨᠳᠦᠰᠦᠨ ᠦ ᠬᠡᠮᠵᠢᠶᠡᠨ ᠤ ᠢᠯᠠᠭᠴᠢ ᠪᠣᠯᠵᠤ 10 ᠰᠠᠶ᠎ᠠ ᠲᠥᠭᠥᠷᠢᠭ ᠤᠨ ᠡᠵᠡᠨ ᠪᠣᠯᠣᠨ᠎ᠠ ᠃