ᠨᠣᠭᠣᠭᠠᠨ ᠳ᠋ᠠᠷ᠎ᠠ ᠡᠬᠡ ᠶᠢ ᠴᠢᠳᠬᠤᠵᠤ ᠪᠦᠲᠦᠭᠡᠵᠡᠢ | News.MN

ᠨᠣᠭᠣᠭᠠᠨ ᠳ᠋ᠠᠷ᠎ᠠ ᠡᠬᠡ ᠶᠢ ᠴᠢᠳᠬᠤᠵᠤ ᠪᠦᠲᠦᠭᠡᠵᠡᠢ

 

ᠥᠨᠳᠥᠷ ᠭᠡᠭᠡᠨ ᠵᠠᠨᠠᠪᠠᠽᠠᠷ ᠤᠨ ᠠᠯᠳᠠᠷᠲᠤ ᠪᠦᠲᠦᠭᠡᠯ ᠨᠣᠭᠣᠭᠠᠨ ᠳ᠋ᠠᠷ᠎ᠠ ᠡᠬᠡ ᠪᠤᠷᠬᠠᠨ ᠬᠤᠯᠠᠭᠠᠢ ᠳᠤ ᠠᠯᠳᠠᠭᠳᠠᠭᠰᠠᠨ ᠂ ᠬᠠᠭᠤᠯᠪᠤᠷᠢ ᠪᠦᠲᠦᠭᠡᠯ ᠨᠢ ᠪᠣᠭᠳᠠ ᠬᠠᠭᠠᠨ ᠤ ᠣᠷᠳᠣᠨ ᠮᠦᠽᠧᠢ ᠳ᠋ᠦ ᠪᠠᠶᠢᠳᠠᠭ ᠬᠡᠮᠡᠨ ᠣᠯᠠᠨ ᠨᠡᠶᠢᠲᠡ ᠶ᠋ᠢᠨ ᠰᠦᠯᠵᠢᠶᠡᠨ ᠳ᠋ᠥ ᠪᠠᠭ᠎ᠠ ᠦᠭᠡᠢ ᠰᠢᠭᠦᠮᠵᠢᠯᠡᠯ ᠳᠠᠭᠠᠭᠤᠯᠵᠤ ᠪᠤᠢ ᠪᠢᠯᠡ ᠃ ᠲᠡᠭᠡᠪᠡᠯ ᠡᠨᠡ ᠠᠰᠠᠭᠤᠳᠠᠯ ᠢᠶᠠᠷ ᠪᠣᠭᠳᠠ ᠬᠠᠭᠠᠨ ᠤ ᠣᠷᠳᠣᠨ ᠮᠦᠽᠧᠢ ᠶ᠋ᠢᠨ ᠰᠠᠩ ᠬᠥᠮᠥᠷᠭᠡ ᠂ ᠪᠦᠷᠢᠳᠬᠡᠯ ᠰᠤᠳᠤᠯᠭᠠᠨ ᠤ ᠠᠯᠪᠠᠨ ᠡᠴᠠ ᠠᠯᠪᠠᠨ ᠶᠣᠰᠣᠨ ᠤ ᠲᠠᠶᠢᠯᠪᠤᠷᠢ ᠬᠢᠵᠡᠢ ᠃ ᠲᠤᠰ ᠲᠠᠶᠢᠯᠪᠤᠷᠢ ᠳᠤ ᠄ ᠪᠣᠭᠳᠠ ᠬᠠᠭᠠᠨ ᠤ ᠣᠷᠳᠣᠨ ᠮᠦᠽᠧᠢ ᠶ᠋ᠢᠨ ᠦᠵᠡᠮᠦᠷᠢ ᠳ᠋ᠦ ᠪᠤᠢ ᠠᠩᠬᠠᠳᠤᠭᠠᠷ ᠪᠣᠭᠳᠠ ᠥᠨᠳᠥᠷ ᠭᠡᠭᠡᠨ ᠵᠠᠨᠠᠪᠠᠽᠠᠷ ᠤᠨ ᠤᠷᠠᠯᠠᠭᠰᠠᠨ ︽ ᠨᠣᠭᠣᠭᠠᠨ ᠳ᠋ᠠᠷ᠎ᠠ ᠡᠬᠡ ︾ ᠰᠢᠲᠦᠭᠡᠨ ᠨᠢ 1706 ᠣᠨ ᠤ ᠣᠷᠴᠢᠮ ᠪᠦᠲᠦᠭᠡᠭᠳᠡᠭᠰᠡᠨ ᠪᠣᠯᠪᠠ ‍ᠦᠦ ᠬᠡᠮᠡᠨ ᠲᠠᠭᠠᠮᠠᠭᠯᠠᠭᠳᠠᠳᠠᠭ ᠪᠥᠭᠡᠳ ᠴᠠᠭ ᠤᠨ ᠤᠷᠤᠭ᠎ᠠ ᠪᠤᠰᠬᠠᠭ᠎ᠠ  ᠶ᠋ᠢ ᠲᠤᠭᠤᠯᠵᠤ ᠡᠳᠦᠭᠡ ᠪᠢᠳᠠᠨ ᠳᠤ ᠦᠪᠯᠡᠭᠳᠡᠬᠦ ᠳᠦ ᠪᠡᠨ ᠠᠩᠬᠠᠨ ᠡᠬᠡ ᠲᠥᠷᠬᠦ ᠪᠡᠷ ᠢᠶ᠋ᠡᠨ ᠦᠶ᠎ᠡ ᠳᠡᠮᠵᠢᠨ ᠢᠷᠡᠭᠰᠡᠨ ᠳᠡᠯᠡᠬᠡᠢ ᠶ᠋ᠢᠨ ᠤᠷᠠᠯᠢᠭ ᠤᠨ ᠬᠣᠶᠢᠮᠤᠷ ᠲᠤ ᠵᠣᠬᠢᠬᠤ ᠶᠣᠰᠣᠨ ᠤ ᠪᠠᠶᠢᠷᠢ ᠰᠠᠭᠤᠷᠢ ᠪᠠᠨ ᠡᠵᠡᠯᠡᠭᠰᠡᠨ ᠰᠣᠳᠣ ᠪᠦᠲᠦᠭᠡᠯ ᠪᠢᠯᠡ ᠃ ᠭᠤᠷᠪᠠᠨ ᠴᠠᠭ ᠤᠨ ᠪᠤᠷᠬᠠᠳ ᠤᠨ ᠡᠬᠡ ᠪᠣᠯᠬᠤ ᠨᠣᠭᠣᠭᠠᠨ ᠳ᠋ᠠᠷ᠎ᠠ ᠡᠬᠡ ᠨᠢ ᠨᠢᠭᠦᠯᠡᠰᠦᠩᠭᠦᠢ ᠪᠣᠳᠢ  ᠰᠡᠳᠭᠢᠯᠲᠦ ᠡᠬᠡ ᠬᠥᠮᠥᠨ ᠤ ᠰᠣᠩᠭᠣᠮᠠᠯ ᠳᠦᠷᠢ ᠪᠥᠭᠡᠳ ᠮᠣᠩᠭᠣᠯ ᠡᠮᠡᠭᠲᠡᠢ ᠶ᠋ᠢᠨ ᠲᠡᠭᠦᠰ ᠭᠠᠯᠪᠢᠷ ᠢ ᠪᠤᠷᠬᠠᠨ ᠤ  ᠲᠢᠭ ᠲᠠᠢ ᠵᠣᠬᠢᠷᠠᠭᠤᠯᠵᠤ ᠂ ᠵᠥᠪᠬᠡᠨ ᠵᠠᠨᠠᠪᠠᠽᠠᠷ ᠤᠨ ᠯᠡ ᠭᠡᠬᠦ ︽ ᠲᠡᠭᠦᠰ ︾ ᠲᠢᠭ ᠢ ᠪᠤᠢ ᠪᠣᠯᠭᠠᠭᠰᠠᠨ ᠃ ᠳᠠᠬᠢᠨ ᠳᠠᠪᠲᠠᠬᠤ ᠂ ᠬᠠᠭᠤᠯᠪᠤᠷᠢᠯᠠᠬᠤ ᠶ᠋ᠢᠨ ᠠᠷᠭ᠎ᠠ ᠦᠭᠡᠢ᠂ ᠵᠥᠪᠬᠡᠨ ᠵᠠᠨᠠᠪᠠᠽᠠᠷ ᠤᠨ ᠯᠡ ᠭᠡᠬᠦ ᠲᠣᠳᠣᠳᠬᠠᠯ ᠪᠦᠬᠦᠢ ︽ ᠨᠡᠷᠡᠬᠦ ︾ ᠠᠷᠭ᠎ᠠ ᠪᠡᠷ ᠴᠢᠳᠬᠤᠭᠰᠠᠨ᠃ ᠡᠨᠡ ᠨᠢ ᠬᠦᠷᠡᠯ ᠢ ᠲᠣᠳᠣᠷᠬᠠᠢ ᠰᠣᠷᠢᠴᠠ ᠪᠦᠬᠦᠢ ᠶᠢᠰᠦᠨ ᠡᠷᠳᠡᠨᠢ ᠪᠡᠷ ᠪᠠᠶᠠᠵᠢᠭᠤᠯᠵᠤ ᠳᠤᠲᠤᠷ ᠢ ᠨᠢ ᠬᠥᠨᠳᠡᠢ ᠴᠢᠳᠬᠤᠵᠤ᠂ ᠠᠯᠲᠠ ᠪᠡᠷ ᠰᠢᠷᠠᠭᠰᠠᠨ ᠪᠥᠭᠡᠳ ᠭᠠᠭᠴᠠ ᠬᠦ ᠵᠠᠨᠠᠪᠠᠽᠠᠷ ᠤᠨ ᠲᠢᠭ ᠰᠤᠷᠭᠠᠭᠤᠯᠢ ᠪᠤᠶᠤ ᠭᠠᠷ ᠤᠨ ᠱᠠᠪᠢ ᠨᠠᠷ ᠲᠤ ᠨᠢ ᠯᠡ ᠢᠩᠭᠢᠵᠦ ᠴᠢᠳᠬᠤᠬᠤ ᠡᠷᠳᠡᠮ ᠴᠢᠳᠠᠪᠤᠷᠢ ᠪᠠᠶᠢᠵᠠᠢ ᠃

ᠭᠡᠲᠡᠯ᠎ᠡ ᠴᠠᠬᠢᠮ ᠣᠷᠴᠢᠨ ᠳᠤ ᠬᠡᠨ ᠨᠢᠭᠡᠨ ᠤ ᠨᠡᠷ᠎ᠡ ᠬᠦᠨᠳᠦ ᠳ᠋ᠦ ᠨᠥᠯᠥᠭᠡᠯᠡᠬᠦ ᠶ᠋ᠢᠨ ᠲᠤᠯᠠᠳᠠ ᠤᠭ ᠪᠦᠲᠦᠭᠡᠯ ᠢ ᠵᠠᠨᠠᠪᠠᠽᠠᠷ ᠤᠨ ᠮᠤᠲᠤᠷ ᠤᠨ ᠪᠦᠲᠦᠭᠡᠯ ᠪᠤᠰᠤ ᠬᠠᠭᠤᠯᠪᠤᠷᠢ ᠭᠡᠬᠦ ᠲᠠᠰᠢᠶ᠎ᠠ ᠮᠡᠳᠡᠭᠡᠯᠡᠯ ᠢ ᠨᠡᠶᠢᠭᠡᠮ ᠤᠨ ᠰᠦᠯᠵᠢᠶ᠎ᠡ ᠪᠡᠷ ᠵᠣᠷᠢᠭᠤᠳᠠ ᠲᠠᠷᠠᠭᠠᠵᠤ ᠪᠤᠢ ᠨᠢ ᠮᠠᠨ ᠤ ᠮᠦᠽᠧᠢ ᠶ᠋ᠢᠨ ᠠᠵᠢᠯᠲᠠᠨ ᠠᠯᠪᠠᠨ ᠬᠠᠭᠠᠭᠴᠢ ᠂ ᠤᠷᠠᠯᠢᠭ ᠰᠤᠳᠤᠯᠤᠯ ᠤᠨ ᠡᠷᠳᠡᠮᠲᠡᠨ ᠮᠡᠷᠭᠡᠳ ᠂ ᠭᠠᠳᠠᠭᠠᠳᠤ ᠶ᠋ᠢᠨ ᠪᠣᠯᠣᠨ ᠳᠣᠲᠣᠭᠠᠳᠤ ᠶ᠋ᠢᠨ ᠮᠢᠩᠭ᠎ᠠ ᠮᠢᠩᠭᠠᠨ ᠦᠵᠡᠭᠴᠢ ᠦᠢᠯᠡᠴᠢᠯᠡᠭᠦᠯᠦᠭᠴᠢᠳ ᠢ ᠢᠯᠡᠳᠲᠡ ᠳ᠋ᠤ ᠪᠠᠰᠤᠮᠵᠢᠯᠠᠭᠰᠠᠨ ᠦᠢᠯᠡᠳᠦᠯ ᠲᠤᠯᠠ ᠤᠭ ᠣᠷᠣ ᠦᠨᠳᠦᠰᠦ ᠦᠭᠡᠢ ᠮᠡᠳᠡᠭᠡᠯᠡᠯ ᠳ᠋ᠥ ᠠᠪᠲᠠᠬᠤ ᠦᠭᠡᠢ ᠪᠠᠢᠬᠤ᠂ ᠤᠯᠠᠮ ᠢᠶᠠᠷ ᠲᠦᠭᠡᠭᠡᠬᠦ ᠦᠭᠡᠢ ᠪᠠᠶᠢᠬᠤ ᠶ᠋ᠢ ᠤᠷᠢᠶᠠᠯᠠᠵᠤ ᠪᠠᠶᠢᠨ᠎ᠠ  ᠭᠡᠵᠡᠢ ᠃

ᠰᠡᠳᠬᠢᠭᠳᠡᠯ ᠦᠯᠡᠳᠡᠭᠡᠬᠦ