︽ᠠᠢᠵᠠᠮ︾ᠬᠠᠮᠲᠤᠯᠢᠭ ᠤᠨ ᠳ᠋᠊ · ᠭᠠᠩᠪᠤᠯᠤᠳ ᠲᠤ ᠪᠠᠶᠢᠷᠢ ᠪᠡᠯᠡᠭᠯᠡᠵᠡᠢ | News.MN

︽ᠠᠢᠵᠠᠮ︾ᠬᠠᠮᠲᠤᠯᠢᠭ ᠤᠨ ᠳ᠋᠊ · ᠭᠠᠩᠪᠤᠯᠤᠳ ᠲᠤ ᠪᠠᠶᠢᠷᠢ ᠪᠡᠯᠡᠭᠯᠡᠵᠡᠢ

 

︽ᠠᠢᠵᠠᠮ︾ᠬᠠᠮᠲᠤᠯᠢᠭ ᠢ ᠡᠭᠦᠰᠬᠡᠨ ᠪᠠᠶᠢᠭᠤᠯᠤᠭᠴᠢ ᠂ ᠬᠥᠭᠵᠢᠮ ᠂ ᠠᠶ᠎ᠠ ᠵᠣᠬᠢᠶᠠᠭᠴᠢ ᠳ᠋᠊ ·ᠭᠠᠩᠪᠤᠯᠤᠳ ᠲᠤ ᠭᠤᠷᠪᠠᠨ ᠥᠷᠥᠭᠡ ᠪᠠᠶᠢᠷᠢ ᠪᠡᠯᠡᠭᠯᠡᠵᠡᠢ ᠃ ᠲᠡᠭᠦᠨ ᠳ᠋ᠥ ᠵᠣᠷᠢᠭᠤᠯᠤᠭᠰᠠᠨ ᠬᠦᠨᠳᠦᠳᠬᠡᠯ ᠤᠨ ᠲᠣᠭᠯᠠᠯᠲᠠ ᠶ᠋ᠢ ᠷᠣᠺ ᠫᠣᠫ ᠤᠨ ᠤᠷᠠᠨ ᠪᠦᠲᠦᠭᠡᠯᠴᠢᠳ ᠬᠠᠮᠲᠤᠷᠠᠨ ᠥᠩᠭᠡᠷᠡᠭᠴᠢ ᠠᠷᠪᠠᠨ ᠨᠢᠭᠡᠳᠦᠭᠡᠷ ᠰᠠᠷ᠎ᠠ ᠶ᠋ᠢᠨ 13 ᠳ᠋ᠥ  UB Palace ᠤᠨ ᠺᠣᠨᠼᠧᠷᠲ ᠦᠨ ᠶᠡᠬᠡ ᠲᠠᠩᠬᠢᠮ ᠳᠤ ᠬᠢᠬᠦ ᠪᠡᠷ ᠲᠥᠯᠥᠪᠯᠡᠵᠦ ᠪᠠᠶᠢᠭᠰᠠᠨ ᠴᠦ ᠴᠠᠷ᠎ᠠ ᠲᠠᠬᠤᠯ ᠤᠨ ᠤᠯᠠᠮ ᠡᠴᠠ ᠬᠣᠶᠢᠰᠢᠯᠠᠭᠰᠠᠨ ᠶᠤᠮ ᠃

︽ᠰᠦᠨᠡᠰᠦ ︾ᠬᠠᠮᠲᠤᠯᠢᠭ ᠤᠨ ᠠᠬᠠᠯᠠᠭᠴᠢ ᠪ᠊ · ᠯᠾᠠᠭᠪᠠᠰᠦ᠋ᠷᠦᠩ ᠤᠨ ᠡᠭᠦᠰᠬᠡᠨ ᠪᠠᠶᠢᠭᠤᠯᠤᠭᠰᠠᠨ  Sing together  ᠬᠡᠮᠡᠬᠦ ᠯᠠᠢᠪ ᠢᠶᠠᠷ ᠷᠣᠺ ᠫᠣᠫ ᠤᠨ ᠤᠷᠠᠨ ᠪᠦᠲᠦᠭᠡᠯᠴᠢᠳ ᠶᠠᠷᠢᠶ᠎ᠠ ᠥᠷᠨᠢᠭᠦᠯᠵᠦ ᠂  ᠳ᠋᠊ · ᠭᠠᠩᠪᠣᠯᠣᠳ ᠲᠤ ᠭᠤᠷᠪᠠᠨ ᠥᠷᠥᠭᠡ ᠪᠠᠶᠢᠷᠢ ᠪᠡᠯᠡᠭᠯᠡᠭᠰᠡᠨ ᠲᠤᠬᠠᠢ ᠳᠤᠭᠤᠯᠭᠠᠭᠰᠠᠨ ᠃ ᠡᠳᠦᠭᠡ ᠳ᠋᠊ · ᠭᠠᠩᠪᠣᠯᠣᠳ ᠪᠠᠶᠠᠩᠭᠣᠣᠯ ᠳᠡᠭᠦᠷᠭᠡ ᠳ᠋ᠥ ᠪᠠᠶᠢᠷᠢᠯᠠᠬᠤ ᠰᠢᠨᠡᠬᠡᠨ ᠭᠤᠷᠪᠠᠨ ᠥᠷᠥᠭᠡ ᠪᠠᠶᠢᠷᠢᠨ ᠳ᠋ᠤ ᠪᠠᠨ ᠨᠡᠭᠦᠵᠦ ᠣᠷᠣᠭᠠᠳ ᠪᠠᠶᠢᠭ᠎ᠠ ᠶᠤᠮ᠃ ᠰᠡᠭᠦᠯ  ᠦᠨ 30 ᠵᠢᠯ ᠤᠷᠠᠯᠢᠭ ᠤᠨ ᠲᠠᠶᠢᠰᠠ ᠂ ᠤᠷᠠᠨ ᠪᠦᠲᠦᠭᠡᠯ ᠡᠴᠡ ᠬᠣᠯᠠᠳᠠᠭᠰᠠᠨ ᠲᠡᠷᠡ ᠪᠡᠷ ᠠᠦ᠋ᠲ᠋ᠣ᠋ ᠮᠠᠰᠢᠨ ᠤ ᠣᠰᠣᠯ ᠳᠦ ᠣᠷᠣᠭᠰᠠᠨ ᠲᠤᠬᠠᠢ ᠪᠠᠨ ᠬᠡᠪᠯᠡᠯ ᠳ᠋ᠥ ᠶᠠᠷᠢᠯᠴᠠᠯᠭ᠎ᠠ ᠥᠭᠬᠦ ᠳ᠋ᠦ ᠪᠡᠨ ᠬᠡᠯᠡᠵᠦ ᠪᠠᠶᠢᠪᠠ ᠃ ᠲᠡᠷᠡ ᠪᠡᠷ᠄ ᠳᠠᠬᠢᠭᠠᠳ ᠭᠠᠭᠴᠠᠬᠠᠨ ᠤᠳᠠᠭ᠎ᠠ ᠲᠠᠶᠢᠰᠠᠨ ᠳᠡᠭᠡᠷ᠎ᠡ ᠭᠠᠷᠴᠢᠬᠠᠭᠠᠳ ᠨᠢᠳᠦ ᠠᠨᠢᠬᠤ ᠶᠤᠮᠰᠠᠨ  ᠭᠡᠵᠦ ᠦᠵᠡᠭᠴᠢ ᠲᠦᠮᠡᠨ ᠳ᠋ᠦ ᠪᠡᠨ ᠬᠡᠯᠡᠵᠦ ᠪᠠᠶᠢᠭᠰᠠᠨ ᠶᠤᠮ ᠃

ᠰᠡᠳᠬᠢᠭᠳᠡᠯ ᠦᠯᠡᠳᠡᠭᠡᠬᠦ