Anikod.mn ᠬᠠᠭᠠᠭᠳᠠᠵᠠᠢ | News.MN

Anikod.mn ᠬᠠᠭᠠᠭᠳᠠᠵᠠᠢ

ᠮᠣᠩᠭᠣᠯ ᠤᠨ ᠬᠠᠮᠤᠭ ᠤᠨ ᠣᠯᠠᠨ ᠦᠵᠡᠭᠴᠢ ᠲᠡᠢ ᠠᠨᠢᠮᠡ ᠣᠷᠴᠢᠭᠤᠯᠭ᠎ᠠ ᠶᠢᠨ ᠰᠠᠢᠲ ᠤᠳ ᠤᠨ ᠨᠢᠭᠡ ᠪᠣᠯᠬᠤ Anikod.mn ᠥᠴᠥᠭᠡᠳᠦᠷ ᠠᠯᠪᠠᠨ ᠶᠣᠰᠣᠭᠠᠷ ᠬᠠᠭᠠᠭᠳᠠᠵᠤ ᠪᠠᠶᠢᠭ᠎ᠠ ᠪᠠᠨ ᠮᠡᠳᠡᠭᠳᠡᠯ᠎ᠡ᠃ ᠡᠭᠦᠨ ᠦ ᠰᠢᠯᠲᠠᠭᠠᠨ ᠨᠢ ᠰᠠᠶ᠋ᠢᠬᠠᠨ ᠳᠡᠯᠭᠡᠴᠡᠨ  ᠳᠤ ᠭᠠᠷᠤᠭᠰᠠᠨ ︽ᠴᠢᠳᠬᠥᠷ ᠦᠨ ᠠᠩᠭᠤᠴᠢ︾ᠠᠨᠢᠮᠡ ᠮᠣᠩᠭᠣᠯ ᠳᠤ ᠴᠢᠨᠠᠷ ᠮᠠᠭᠤ ᠲᠠᠢ ᠪᠢᠴᠢᠯᠭᠡ ᠨᠢ ᠵᠠᠳᠠᠷᠠᠭᠰᠠᠨ ᠲᠠᠢ ᠬᠣᠯᠪᠣᠭᠳᠠᠭᠤᠯᠤᠨ ᠶᠠᠳᠣᠨ ᠤ ᠵᠣᠬᠢᠶᠠᠯᠴᠢ ᠶᠢᠨ ᠡᠷᠬᠡ ᠶᠢ ᠬᠠᠮᠠᠭᠠᠯᠠᠬᠤ ᠪᠠᠶᠢᠭᠤᠯᠤᠯᠭ᠎ᠠ ᠭᠣᠮᠣᠳᠠᠯ ᠭᠠᠷᠭᠠᠵᠠᠢ᠃ ᠢᠩᠭᠢᠬᠦ ᠳᠦ ᠪᠡᠨ ᠲᠣᠷᠭᠠᠭᠤᠯᠢ ᠨᠣᠭᠳᠠᠭᠤᠯᠤᠭᠰᠠᠨ ᠲᠤᠯᠠ Anikod.mn ᠬᠠᠷᠢᠭᠤᠴᠠᠯᠭ᠎ᠠ ᠶᠢᠨ ᠢᠶᠠᠨ ᠬᠦᠷᠢᠶᠡᠨ ᠳᠦ ᠬᠠᠭᠠᠬᠤ ᠳᠤ ᠬᠦᠷᠦᠭᠰᠡᠨ ᠪᠠᠶᠢᠨ᠎ᠠ᠃
Anikod.mn ᠰᠠᠢᠲ ᠨᠡᠭᠡᠭᠡᠭᠳᠡᠭᠡᠳ ᠤᠳᠠᠭᠰᠠᠨ ᠴᠤ ᠵᠠᠷᠤᠯᠭ᠎ᠠ ᠪᠠᠨ ᠨᠥᠬᠥᠵᠦ ᠴᠢᠳᠠᠬᠤ ᠦᠭᠡᠢ ᠪᠠᠶᠢᠭᠰᠠᠨ ᠤᠴᠢᠷ ᠠᠨᠢᠮᠡ ᠦᠵᠡᠬᠦ ᠶᠢᠨ ᠲᠤᠯᠠᠳᠠ ᠨᠡᠪᠲᠡᠷᠡᠬᠦ ᠡᠷᠬᠡ ᠬᠤᠳᠠᠯᠳᠤᠨ ᠠᠪᠬᠤ ᠵᠣᠬᠢᠴᠠᠭᠤᠯᠤᠯᠲᠠ ᠬᠢᠵᠡᠢ᠃ ᠡᠶᠢᠮᠦ ᠳᠦ ᠭᠡᠨᠡᠳᠲᠡ ᠶᠢᠨ ᠰᠢᠢᠳᠪᠦᠷᠢ ᠶᠢᠨ ᠤᠯᠠᠮ ᠠᠴᠠ ᠮᠥᠩᠭᠥ ᠪᠡᠨ ᠲᠥᠯᠦᠵᠦ ᠡᠷᠬᠡ ᠠᠪᠤᠭᠰᠠᠨ ᠪᠠᠶᠢᠭᠰᠠᠨ ᠬᠦᠮᠦᠰ ᠦᠨ ᠲᠥᠯᠥᠪᠦᠷᠢ ᠶᠢ ᠪᠤᠴᠠᠭᠠᠵᠤ ᠣᠯᠭᠤᠨ᠎ᠠ ᠭᠡᠳᠡᠭ ᠢᠶᠡᠨ ᠮᠡᠳᠡᠭᠳᠡᠭᠰᠡᠨ ᠪᠠᠶᠢᠨ᠎ᠠ᠃ ᠲᠤᠬᠠᠢ ᠶᠢᠨ ᠰᠠᠢᠲ Anikod ᠬᠠᠭᠠᠭᠳᠠᠭᠰᠠᠨ᠃ ᠪᠢᠳᠡ ᠴᠠᠭᠠᠰᠢᠳᠠ ᠦᠢᠯᠡ ᠠᠵᠢᠯᠯᠠᠭ᠎ᠠ  ᠪᠠᠨ ᠦᠷᠭᠦᠯᠵᠢᠯᠡᠭᠦᠯᠬᠦ ᠦᠭᠡᠢ ᠪᠠᠶᠠᠷᠯᠠᠯ᠎ᠠ᠂ ᠪᠠᠶᠠᠷᠲᠠᠢ ᠭᠡᠵᠡᠢ᠃

ᠰᠡᠳᠬᠢᠭᠳᠡᠯ ᠦᠯᠡᠳᠡᠭᠡᠬᠦ

3 ᠰᠡᠳᠬᠢᠭᠳᠡᠯ

Avatar

unenchuluu tsogbadrah 2020-12-18 150.129.141.48

zaa bayrtai mash ihiig uzuulsend bayrlalaa

Avatar

temka0925 2020-12-18 66.181.191.25

ANIKOD 4EVER

Avatar

Нэргүй 2020-12-18 192.82.83.84

anikod );