︽ᠪᠠᠳᠮ᠎ᠠ ᠴᠠᠭᠳᠠᠷ ᠬᠣᠶᠠᠷ︾ ᠤᠨ ᠰᠢᠨ᠎ᠡ ᠠᠩᠭᠢ ᠶᠢ ᠪᠦᠲᠦᠭᠡᠵᠡᠢ | News.MN

︽ᠪᠠᠳᠮ᠎ᠠ ᠴᠠᠭᠳᠠᠷ ᠬᠣᠶᠠᠷ︾ ᠤᠨ ᠰᠢᠨ᠎ᠡ ᠠᠩᠭᠢ ᠶᠢ ᠪᠦᠲᠦᠭᠡᠵᠡᠢ

 

ᠪᠤᠷᠢᠶᠠᠳ ᠬᠦᠪᠡᠭᠦᠳ ᠪᠠᠳᠮ᠎ᠠ᠂ ᠴᠠᠭᠳᠠᠷ ᠬᠣᠶᠠᠷ ᠤᠨ ᠬᠥᠭᠵᠢᠶᠡᠨ ᠲᠡᠢ ᠲᠡᠦᠬᠡ ᠶᠢᠨ ᠰᠢᠨ᠎ᠡ ᠠᠩᠭᠢ ᠭᠠᠷᠤᠯ᠎ᠠ᠃ ᠬᠥᠯ ᠬᠣᠷᠢᠭ᠎ᠠ ᠲᠠᠢ᠂ ᠬᠦᠢᠲᠡᠨ ᠵᠢᠪᠡᠷᠡᠭᠦᠨ ᠡᠨᠡ ᠴᠠᠭ ᠲᠤ ᠮᠣᠩᠭᠣᠯᠴᠤᠳ ᠢ ᠬᠥᠭᠵᠢᠭᠡᠵᠦ ᠪᠤᠢ ᠬᠡᠦᠬᠡᠯᠳᠡᠢ ᠶᠢᠨ ᠤᠷᠠᠨ ᠪᠦᠲᠦᠭᠡᠯᠴᠢᠳ ᠴᠤᠪᠤᠷᠠᠯ ᠤᠨ ᠰᠢᠨ᠎ᠡ ᠠᠩᠭᠢ ᠶᠢ ︽ᠰᠢᠨ᠎ᠡ ᠵᠢᠯ︾᠍ ᠦᠨ ᠰᠡᠳᠦᠪ ᠢᠶᠡᠷ ᠪᠦᠲᠦᠭᠡᠭᠰᠡᠨ ᠪᠠᠶᠢᠨ᠎ᠠ᠃ ᠭᠡᠷ ᠪᠦᠯᠢ ᠶᠢᠨ ᠤᠷᠠᠨ ᠪᠦᠲᠦᠭᠡᠯᠴᠢᠳ ᠣᠳᠣ ᠪᠠᠷ ᠳᠣᠯᠣᠭᠠᠨ ᠴᠤᠪᠤᠷᠠᠯ ᠬᠢᠭᠰᠡᠨ ᠪᠠ ᠪᠠᠳᠮ᠎ᠠ᠂ ᠴᠠᠭᠳᠠᠷ ᠬᠣᠶᠠᠷ ᠤᠨ ᠲᠡᠦᠬᠡ ᠶᠢ ᠴᠤᠪᠤᠷᠠᠯ ᠪᠣᠯᠭᠠᠬᠤ ᠳᠤ ᠮᠣᠩᠭᠣᠯᠴᠤᠳ ᠤᠨ ᠳᠡᠮᠵᠢᠯᠭᠡ ᠴᠤ ᠮᠥᠨ ᠨᠥᠯᠦᠭᠡᠯᠡᠭᠰᠡᠨ ᠭᠡᠨ᠎ᠡ᠃

ᠤᠭ ᠬᠡᠦᠬᠡᠯᠳᠡᠢ ᠶᠢ ᠪᠤᠷᠢᠶᠠᠳ ᠤᠳ ᠠᠴᠠ ᠢᠯᠡᠭᠦᠦ ᠮᠣᠩᠭᠣᠯᠴᠤᠳ ᠴᠠᠬᠢᠮ ᠬᠠᠭᠤᠳᠠᠰᠤᠨ ᠳᠦ ᠣᠯᠠᠨ ᠮᠢᠩᠭ᠎ᠠ ᠪᠠᠷ ᠬᠤᠪᠢᠶᠠᠯᠴᠠᠵᠤ᠂ ᠦᠵᠡᠵᠦ ᠰᠣᠨᠢᠷᠬᠠᠭᠰᠠᠨ ᠪᠠᠶᠢᠨ᠎ᠠ᠃ ᠪᠢᠳᠡ ᠤᠯᠠᠭᠠᠨ-ᠦᠳᠡ  ᠬᠤᠲᠠ ᠳᠤ ᠰᠠᠭᠤᠭ᠎ᠠ ᠡᠷᠳᠡᠨᠢ ᠵᠠᠯᠼᠠᠨᠨᠤᠸ᠋ ᠤᠨ ᠭᠡᠷ ᠪᠦᠯᠢ  ᠲᠠᠢ ᠬᠣᠯᠪᠣᠭᠳᠠᠵᠤ᠂ ᠲᠡᠳᠡᠨ ᠦ ᠰᠢᠨ᠎ᠡ ᠤᠷᠠᠨ ᠪᠦᠲᠦᠭᠡᠯ ᠦᠨ ᠲᠠᠯ᠎ᠠ ᠪᠠᠷ ᠰᠣᠨᠢᠷᠬᠠᠬᠤ ᠳᠤ᠄
– ᠰᠠᠶ᠋ᠢᠬᠠᠨ ᠪᠢᠳᠡ ᠪᠢᠴᠢᠬᠠᠨ ᠥᠭᠦᠯᠡᠮᠵᠢ ᠲᠡᠢ ᠵᠢᠷᠤᠭ ᠤᠳ ᠵᠢᠷᠤᠵᠤ ᠡᠬᠢᠯᠡᠭᠰᠡᠨ ᠶᠤᠮ᠃  ᠲᠡᠭᠦᠨ ᠢᠶᠡᠷ ᠬᠢᠭᠰᠡᠨ ᠪᠤᠭᠤᠨᠢ ᠺᠢᠨᠤ᠋ ᠨᠢ ᠰᠠᠨᠠᠭᠠᠨ ᠳᠤ ᠣᠷᠣᠭ᠎ᠠ ᠦᠭᠡᠢ ᠦᠷ᠎ᠡ  ᠳ᠋ᠦᠩ ᠭᠠᠷᠤᠭᠰᠠᠨ ᠨᠢ ᠭᠠᠶᠢᠬᠠᠯᠲᠠᠢ᠃ ᠢᠯᠠᠩᠭᠤᠶ᠎ᠠ ᠮᠣᠩᠭᠣᠯ ᠤᠨ ᠦᠵᠡᠭᠴᠢᠳ ᠥᠨᠳᠥᠷ ᠢᠶᠡᠷ ᠦᠨᠡᠯᠡᠭᠰᠡᠨ ᠳᠦ ᠮᠠᠰᠢ ᠶᠡᠬᠡ ᠪᠠᠶᠠᠷᠲᠠᠢ ᠪᠠᠶᠢᠨ᠎ᠠ ᠭᠡᠪᠡ᠃

ᠰᠡᠳᠬᠢᠭᠳᠡᠯ ᠦᠯᠡᠳᠡᠭᠡᠬᠦ