ᠰ᠊ · ᠴᠢᠯᠠᠭᠤᠨ ᠬᠠᠩᠭᠠᠷᠢ ᠶᠢᠨ ᠡᠯᠴᠢᠨ ᠰᠠᠶᠢᠳ ᠲᠠᠢ ᠴᠠᠬᠢᠮ ᠠᠭᠤᠯᠵᠠᠯᠲᠠ ᠬᠢᠯ᠎ᠡ | News.MN

ᠰ᠊ · ᠴᠢᠯᠠᠭᠤᠨ ᠬᠠᠩᠭᠠᠷᠢ ᠶᠢᠨ ᠡᠯᠴᠢᠨ ᠰᠠᠶᠢᠳ ᠲᠠᠢ ᠴᠠᠬᠢᠮ ᠠᠭᠤᠯᠵᠠᠯᠲᠠ ᠬᠢᠯ᠎ᠡ

 

ᠰᠣᠶᠣᠯ ᠤᠨ ᠶᠠᠮᠤᠨ ᠤ ᠰᠠᠶᠢᠳ ᠰ᠊ · ᠴᠢᠯᠠᠭᠤᠨ ᠬᠠᠩᠭᠠᠷᠢ ᠤᠯᠤᠰ ᠡᠴᠠ ᠮᠣᠩᠭᠣᠯ ᠤᠯᠤᠰ  ᠲᠤ ᠰᠠᠭᠤᠭ᠎ᠠ ᠡᠯᠴᠢᠨ ᠰᠠᠶᠢᠳ ᠪᠤᠷᠪᠠᠯᠠ ᠤᠪᠷᠤᠱᠠᠨᠰᠺᠢ ᠲᠠᠢ 2020 ᠣᠨ ᠤ 12 ᠳ᠋ᠤᠭᠠᠷ ᠰᠠᠷ᠎ᠠ ᠶ᠋ᠢᠨ 15 ᠤ ᠡᠳᠦᠷ ᠴᠠᠬᠢᠮ ᠠᠭᠤᠯᠵᠠᠯᠲᠠ ᠬᠢᠯ᠎ᠡ ᠃ ᠡᠯᠴᠢᠨ ᠰᠠᠶᠢᠳ ᠪᠤᠷᠪᠠᠯᠠ ᠤᠪᠷᠤᠱᠠᠨᠰᠺᠢ ᠬᠣᠶᠠᠷ ᠤᠯᠤᠰ ᠤᠨ ᠬᠠᠮᠲᠤᠷᠠᠭᠰᠠᠨ ᠲᠡᠦᠬᠡᠨ ᠪᠣᠯᠣᠨ ᠤᠷᠠᠨ ᠰᠠᠶᠢᠬᠠᠨ ᠤ ᠺᠢᠨᠣ᠋ ᠪᠦᠲᠦᠭᠡᠬᠦ ᠬᠠᠮᠲᠤ ᠶ᠋ᠢᠨ ᠠᠵᠢᠯᠯᠠᠭ᠎ᠠ ᠶ᠋ᠢ ᠬᠠᠩᠭᠠᠷᠢ ᠤᠯᠤᠰ ᠤᠨ ᠵᠠᠰᠠᠭ ᠤᠨ ᠭᠠᠵᠠᠷ ᠳᠡᠮᠵᠢᠵᠦ ᠪᠠᠶᠢᠭ᠎ᠠ ᠶ᠋ᠢ ᠢᠯᠡᠷᠬᠡᠶᠢᠯᠡᠯ᠎ᠡ ᠃

ᠮᠥᠨ ᠮᠣᠩᠭᠣᠯ ᠤᠯᠤᠰ ᠤᠨ ᠦᠨᠳᠦᠰᠦᠨ ᠤ ᠨᠣᠮ ᠤᠨ ᠰᠠᠩ ᠬᠠᠩᠭᠠᠷᠢ ᠤᠯᠤᠰ ᠤᠨ ᠦᠨᠳᠦᠰᠦᠨ ᠤ ᠨᠣᠮ ᠤᠨ ᠰᠠᠩ ᠲᠠᠢ ᠬᠠᠮᠲᠤᠷᠠᠭᠰᠠᠨ ᠭᠡᠷ᠎ᠡ ᠪᠠᠶᠢᠭᠤᠯᠬᠤ ᠂ ᠠᠷᠬᠧᠣᠯᠤᠭᠢ ᠂ ᠤᠭᠰᠠᠭᠠᠲᠠᠨ ᠤ ᠮᠦᠽᠧᠢ ᠶ᠋ᠢᠨ ᠬᠠᠮᠲᠤ ᠶ᠋ᠢᠨ ᠠᠵᠢᠯᠯᠠᠭ᠎ᠠ ᠶ᠋ᠢ ᠥᠷᠭᠡᠳᠬᠡᠬᠦ ᠂ ᠰᠣᠩᠭᠣᠳᠠᠭ ᠤᠷᠠᠯᠢᠭ ᠂ ᠰᠣᠶᠣᠯ ᠤᠨ ᠴᠢᠭᠯᠡᠯ ᠢᠶ᠋ᠡᠷ ᠮᠡᠷᠭᠡᠵᠢᠯᠲᠡᠨ ᠪᠡᠯᠡᠳᠬᠡᠬᠦ ᠂ ᠬᠠᠷᠢᠯᠴᠠᠨ ︽ᠾᠦᠩᠨᠤ ᠶ᠋ᠢᠨ ᠲᠡᠦᠬᠡ  ᠠᠽᠢᠶ᠎ᠠ ᠪᠠ ᠡᠸᠦ᠋ᠷᠦᠫᠡ ᠳ᠋ᠦ ︾ᠦᠵᠡᠰᠬᠦᠯᠡᠩ ᠭᠠᠷᠭᠠᠬᠤ ᠠᠰᠠᠭᠤᠳᠠᠯ ᠤᠳ ᠢ ᠬᠠᠮᠲᠤᠷᠠᠨ ᠬᠢᠬᠦ ᠪᠡᠷ ᠲᠣᠬᠢᠷᠠᠯᠴᠠᠪᠠ ᠃ ᠮᠦᠨ 2021 ᠣᠨ ᠳᠦ ᠠᠷᠠᠳ ᠤᠨ ᠬᠤᠪᠢᠰᠬᠠᠯ ᠤᠨ 100 ᠵᠢᠯ  ᠤᠨ ᠤᠢ ᠳᠤ ᠵᠣᠷᠢᠭᠤᠯᠤᠨ ᠵᠠᠩᠵᠤᠨ ᠳ᠋᠊ · ᠰᠦ᠋ᠬᠡᠪᠠᠭᠠᠲᠤᠷ ᠤᠨ ᠡᠮᠴᠢ ᠪᠠᠶᠢᠭᠰᠠᠨ ᠷᠠᠳᠨᠤᠲ ᠤᠨ ᠬᠣᠯᠪᠣᠭᠳᠠᠬᠤ ᠭᠡᠷᠡᠯ ᠵᠢᠷᠤᠭ ᠤᠨ ᠴᠤᠭᠯᠠᠭᠤᠯᠭ᠎ᠠ ᠪᠠᠷ ᠦᠵᠡᠰᠬᠦᠯᠡᠩ ᠭᠠᠷᠭᠠᠬᠤ ᠲᠤᠬᠠᠢ ᠶᠠᠷᠢᠯᠴᠠᠵᠤ ᠂ ᠰᠠᠨᠠᠯ ᠰᠣᠯᠢᠯᠴᠠᠪᠠ ᠃

ᠰᠡᠳᠬᠢᠭᠳᠡᠯ ᠦᠯᠡᠳᠡᠭᠡᠬᠦ