The Hu ᠬᠠᠮᠲᠤᠯᠢᠭ Gold play button ᠱᠠᠩᠨᠠᠯ ᠤᠨ ᠡᠵᠡᠨ ᠪᠣᠯᠤᠯ᠎ᠠ  | News.MN

The Hu ᠬᠠᠮᠲᠤᠯᠢᠭ Gold play button ᠱᠠᠩᠨᠠᠯ ᠤᠨ ᠡᠵᠡᠨ ᠪᠣᠯᠤᠯ᠎ᠠ 

 

ᠮᠣᠩᠭᠣᠯ ᠤᠷᠠᠨ ᠪᠦᠲᠦᠭᠡᠯᠴᠢᠳ ᠡᠴᠡ ᠠᠩᠬ᠎ᠠ ᠤᠳᠠᠭ᠎ᠠ The Hu ᠬᠠᠮᠲᠤᠯᠢᠭ Youtube ᠍ ᠳᠦ ᠨᠢᠭᠡ ᠰᠠᠶ᠎ᠠ subscribers ᠍ ᠲᠠᠢ ᠪᠣᠯᠵᠤ᠂ Gold play button ᠱᠠᠩᠨᠠᠯ ᠤᠨ ᠡᠵᠡᠨ ᠪᠣᠯᠵᠠᠢ᠃ The Hu ᠬᠠᠮᠲᠤᠯᠢᠭ ᠠᠯᠳᠠᠷᠲᠤ 《ᠮᠸᠲ᠋ᠠᠯᠯᠢᠺᠡ》ᠬᠠᠮᠲᠤᠯᠢᠭ ᠤᠨ 1992 ᠣᠨ ᠳᠤ ᠠᠩᠬ᠎ᠠ ᠭᠠᠷᠭᠠᠭᠰᠠᠨ Sad but True ᠳᠠᠭᠤᠤ ᠶᠢ ᠥᠪᠡᠷᠰᠡᠳ ᠦᠨ ᠥᠪᠡᠷᠮᠢᠴᠡ ᠬᠤᠪᠢᠯᠪᠤᠷᠢ ᠪᠠᠷ᠂ ᠮᠣᠩᠭᠣᠯ ᠬᠡᠯᠡ ᠪᠡᠷ ᠳᠠᠭᠤᠯᠠᠭᠰᠠᠨ ᠨᠢ ᠷᠣᠺ ᠬᠥᠭᠵᠢᠮ ᠰᠣᠨᠢᠷᠬᠠᠭᠴᠢᠳ ᠤᠨ ᠠᠩᠬᠠᠷᠤᠯ ᠢ ᠲᠠᠲᠠᠭᠠᠳ ᠪᠤᠢ᠃
ᠲᠡᠳᠡᠨ ᠦ ᠰᠢᠨ᠎ᠡ ᠤᠷᠠᠨ ᠪᠦᠲᠦᠭᠡᠯ ᠢ ᠳᠣᠮᠣᠭᠲᠤ《ᠮᠸᠲ᠋ᠠᠯᠯᠢᠺᠡ》ᠬᠠᠮᠲᠤᠯᠢᠭ ᠹᠡᠢᠰᠪᠥᠺ᠂ ᠲᠸᠢᠲ᠋ᠲ᠋ᠧᠷ ᠲᠦ ᠬᠠᠭᠤᠳᠠᠰᠤ ᠳᠤ ᠪᠠᠨ ᠣᠨᠴᠠᠯᠠᠵᠠᠢ᠃ ᠬᠠᠮᠲᠤᠯᠢᠭ ᠤᠨ ᠫᠷᠣᠳᠢᠶᠦ᠋ᠰᠧᠷ ᠪ∙ ᠳᠠᠰᠢᠳᠤᠨᠳᠤᠭ᠄ ᠤᠭ ᠨᠢ ᠳᠡᠯᠡᠬᠡᠢ ᠳᠠᠬᠢᠨ ᠳᠦ ᠴᠠᠷ᠎ᠠ ᠲᠠᠬᠤᠯ ᠭᠠᠷᠤᠭ᠎ᠠ ᠦᠭᠡᠢ ᠪᠠᠶᠢᠭᠰᠠᠨ ᠪᠣᠯ The Hu ᠬᠠᠮᠲᠤᠯᠢᠭ ᠤᠨ ᠵᠠᠯᠠᠭᠤᠰ 2020 ᠣᠨ ᠳᠤ ᠨᠡᠶᠢᠲᠡ 98 ᠲᠣᠭᠯᠠᠯᠲᠠ ᠬᠢᠬᠦ ᠪᠠᠶᠢᠯ᠎ᠠ᠃ ᠮᠥᠨ ᠯᠠᠲ᠋ᠢᠨ ᠠᠮᠧᠷᠢᠺᠠ ᠶᠢᠨ ᠣᠷᠣᠨ ᠨᠤᠭᠤᠳ ᠢᠶᠠᠷ ᠠᠶᠠᠯᠠᠨ ᠲᠣᠭᠯᠠᠯᠲᠠ ᠬᠢᠬᠦ ᠪᠠᠶᠢᠭᠰᠠᠨ ᠬᠡᠮᠡᠨ ᠥᠪᠡᠷ ᠦᠨ ᠴᠠᠬᠢᠮ ᠬᠠᠭᠤᠳᠠᠰᠤᠨ ᠳᠤ ᠪᠢᠴᠢᠵᠡᠢ᠃

ᠰᠡᠳᠬᠢᠭᠳᠡᠯ ᠦᠯᠡᠳᠡᠭᠡᠬᠦ