ᠬ ∙ ᠪᠠᠲᠤᠲᠤᠯᠭ᠎ᠠ ᠮᠣᠩᠭᠣᠯ ᠪᠢᠴᠢᠭ ᠰᠤᠷᠬᠤ ᠶᠢ ᠤᠷᠢᠶᠠᠯᠠᠯ᠎ᠠ | News.MN

ᠬ ∙ ᠪᠠᠲᠤᠲᠤᠯᠭ᠎ᠠ ᠮᠣᠩᠭᠣᠯ ᠪᠢᠴᠢᠭ ᠰᠤᠷᠬᠤ ᠶᠢ ᠤᠷᠢᠶᠠᠯᠠᠯ᠎ᠠ

ᠮᠣᠩᠭᠣᠯ ᠤᠯᠤᠰ ᠤᠨ ᠶᠡᠷᠦᠩᠬᠡᠶᠢᠯᠡᠭᠴᠢ ᠶᠢᠨ ᠪᠣᠳᠣᠯᠭ᠎ᠠ᠂ ᠦᠢᠯᠡ ᠠᠵᠢᠯᠯᠠᠭᠠᠨ ᠤ ᠬᠥᠲᠥᠯᠪᠦᠷᠢ ᠳᠦ 《ᠳᠠᠶᠠᠭᠠᠷᠰᠢᠯ᠂ ᠲᠧᠭᠨᠣᠯᠣᠭᠢ ᠶᠢᠨ ᠬᠤᠷᠳᠤᠴᠠ ᠲᠠᠢ ᠬᠥᠭᠵᠢᠯ ᠦᠨ ᠡᠷᠡᠨ ᠦᠶ᠎ᠡ ᠳᠦ ᠦᠨᠳᠦᠰᠦᠨ ᠦ ᠪᠡᠨ ᠲᠡᠦᠬᠡᠨ ᠤᠯᠠᠮᠵᠢᠯᠠᠯ᠂ ᠬᠡᠯᠡ ᠰᠤᠶᠤᠯ ᠤᠨ ᠳᠠᠷᠬᠠᠯᠠᠭ᠎ᠠ ᠶᠢ ᠬᠠᠮᠠᠭᠠᠯᠠᠬᠤ》 ᠵᠢᠭᠠᠯᠲᠠ ᠪᠤᠢ᠃ ᠶᠡᠷᠦᠩᠬᠡᠶᠢᠯᠡᠭᠴᠢ ᠬᠠᠯᠲᠠᠮ᠎ᠠ ᠶᠢᠨ ᠪᠠᠲᠤᠲᠤᠯᠭ᠎ᠠ 《ᠮᠣᠩᠭᠣᠯ ᠬᠡᠯᠡᠨ ᠦ ᠲᠤᠬᠠᠢ》ᠬᠠᠤᠯᠢ ᠶᠢᠨ 9.1.3  ᠳ᠋ᠡᠬᠢ ᠵᠢᠭᠠᠯᠲᠠ ᠪᠠᠷ ᠬᠦᠯᠢᠶᠡᠭᠰᠡᠨ᠄ ᠮᠣᠩᠭᠣᠯ ᠬᠡᠯᠡ᠂ ᠪᠢᠴᠢᠭ ᠦᠰᠦᠭ ᠢᠶᠡᠨ ᠬᠡᠷᠡᠭᠯᠡᠬᠦ᠂ ᠡᠵᠡᠮᠰᠢᠬᠦ᠂ ᠬᠠᠮᠠᠭᠠᠯᠠᠬᠤ᠂ ᠬᠥᠭᠵᠢᠭᠦᠯᠬᠦ ᠴᠢᠭᠯᠡᠯ ᠢᠶᠡᠷ ᠵᠠᠷᠯᠢᠭ ᠭᠠᠷᠭᠠᠬᠤ ᠂ ᠲᠥᠷᠥ ᠶᠢᠨ ᠬᠣᠯᠪᠣᠭᠳᠠᠬᠤ ᠪᠠᠶᠢᠭᠤᠯᠤᠯᠭ᠎ᠠ ᠳᠤ ᠴᠢᠭᠯᠡᠯ ᠥᠭᠬᠦ ᠡᠷᠬᠡ ᠂ ᠡᠭᠦᠷᠭᠡ ᠶᠢᠨ ᠢᠶᠡᠨ ᠬᠦᠷᠢᠶᠡᠨ ᠳᠦ 2018 ᠣᠨ ᠤ ᠦᠨᠳᠦᠰᠦᠨ ᠦ ᠪᠢᠴᠢᠭ ᠦᠰᠦᠭ ᠦᠨ ᠪᠠᠶᠠᠷ ᠢ ᠲᠣᠬᠢᠶᠠᠯᠳᠤᠭᠤᠯᠤᠨ 《ᠮᠣᠩᠭᠣᠯ ᠪᠢᠴᠢᠭ ᠦᠨ ᠬᠡᠷᠡᠭᠯᠡᠭᠡ ᠶᠢ ᠨᠡᠮᠡᠭᠳᠡᠭᠦᠯᠬᠦ ᠠᠵᠢᠯ ᠢ ᠡᠷᠴᠢᠮᠵᠢᠭᠦᠯᠬᠦ ᠲᠤᠬᠠᠢ》 46 ᠳ᠋ᠤᠭᠠᠷ ᠵᠠᠷᠯᠢᠭ ᠭᠠᠷᠭᠠᠭᠰᠠᠨ᠃
ᠲᠡᠷᠡ ᠪᠡᠷ ᠲᠠᠬᠤᠯ ᠤᠨ ᠤᠯᠠᠮ ᠠᠴᠠ ᠪᠦᠬᠦ ᠱᠠᠲᠤᠨ ᠤ ᠪᠣᠯᠪᠠᠰᠤᠷᠠᠯ ᠤᠨ ᠪᠠᠶᠢᠭᠤᠯᠤᠯᠭ᠎ᠠ ᠶᠢᠨ ᠦᠢᠯᠡ ᠠᠵᠢᠯᠯᠠᠭ᠎ᠠ ᠶᠢ ᠬᠢᠵᠠᠭᠠᠷᠯᠠᠭᠠᠳ ᠪᠤᠢ ᠡᠨᠡ ᠦᠶ᠎ᠡ ᠳᠦ ᠦᠨᠳᠦᠰᠦᠨ ᠦ ᠬᠡᠯᠡ ᠪᠢᠴᠢᠭ᠂ ᠲᠡᠦᠬᠡ ᠰᠤᠶᠤᠯ᠂ ᠦᠨᠡᠲᠦ ᠵᠦᠢᠯᠡᠰ ᠦᠨ ᠳᠠᠷᠬᠠᠯᠠᠭ᠎ᠠ ᠶᠢ ᠪᠡᠬᠢᠵᠢᠭᠦᠯᠬᠦ᠂ ᠦᠨᠳᠦᠰᠦᠨ ᠦ ᠪᠢᠴᠢᠭ ᠦᠨ ᠪᠣᠯᠪᠠᠰᠤᠷᠠᠯ᠂ ᠬᠡᠷᠡᠭᠯᠡᠭᠡ ᠶᠢ ᠳᠡᠮᠵᠢᠬᠦ᠂ ᠰᠤᠷᠤᠭᠴᠢᠳ ᠠᠴᠠ ᠭᠠᠳᠠᠨ᠎ᠠ ᠨᠠᠰᠤᠨ ᠳᠤ ᠬᠦᠷᠦᠭᠰᠡᠳ ᠢ ᠦᠨᠳᠦᠰᠦᠨ ᠦ ᠪᠢᠴᠢᠭ ᠢᠶᠡᠨ ᠰᠤᠷᠴᠤ᠂ ᠡᠵᠡᠮᠰᠢᠬᠦ ᠳᠦ  ᠤᠷᠢᠶᠠᠯᠠᠬᠤ ᠵᠣᠷᠢᠯᠭ᠎ᠠ ᠪᠠᠷ ᠦᠨᠳᠦᠰᠦᠨ ᠦ ᠪᠢᠴᠢᠭ ᠦᠨ ᠲᠧᠯᠧ ᠬᠢᠴᠢᠶᠡᠯ ᠢ ᠵᠢᠭᠠᠵᠤ ᠡᠬᠢᠯᠡᠭᠡᠳ ᠪᠠᠶᠢᠨ᠎ᠠ᠃ ᠬᠡᠯᠡᠨ ᠦ ᠪᠣᠳᠣᠯᠭ᠎ᠠ ᠶᠢᠨ ᠦᠨᠳᠦᠰᠦᠨ ᠦ ᠵᠥᠪᠯᠡᠯ ᠡᠴᠡ ᠦᠨᠳᠦᠰᠦᠨ ᠦ ᠪᠢᠴᠢᠭ ᠦᠨ ᠴᠠᠭᠠᠨ ᠲᠣᠯᠣᠭᠠᠢ ᠶᠢᠨ ᠦᠰᠦᠭ ᠦᠨ ᠲᠥᠰᠲᠡᠢ ᠬᠡᠪ ᠰᠢᠨᠵᠢ᠂ ᠮᠠᠬᠠᠪᠤᠳ ᠲᠤ ᠦᠨᠳᠦᠰᠦᠯᠡᠨ ᠶᠡᠷᠦᠩᠬᠡᠶᠢᠯᠡᠭᠴᠢ ᠶᠢᠨ ᠵᠢᠭᠠᠬᠤ ᠬᠢᠴᠢᠶᠡᠯ ᠦᠨ ᠠᠭᠤᠯᠭ᠎ᠠ ᠶᠢ ᠪᠣᠯᠪᠠᠰᠤᠷᠠᠭᠤᠯᠵᠠᠢ᠃

ᠰᠡᠳᠬᠢᠭᠳᠡᠯ ᠦᠯᠡᠳᠡᠭᠡᠬᠦ