ᠯ ∙ ᠥᠯᠵᠡᠶᠢᠲᠡᠭᠦᠰ 《ᠬᠠᠷᠢᠶᠠᠴᠠᠢ ᠵᠣᠭᠰᠣᠯᠲᠠ》ᠬᠡᠮᠡᠬᠦ ᠷᠣᠮᠠᠨ ᠭᠠᠷᠭᠠᠵᠠᠢ  | News.MN

ᠯ ∙ ᠥᠯᠵᠡᠶᠢᠲᠡᠭᠦᠰ 《ᠬᠠᠷᠢᠶᠠᠴᠠᠢ ᠵᠣᠭᠰᠣᠯᠲᠠ》ᠬᠡᠮᠡᠬᠦ ᠷᠣᠮᠠᠨ ᠭᠠᠷᠭᠠᠵᠠᠢ 

 

ᠵᠣᠬᠢᠶᠠᠯᠴᠢ᠂ ᠢᠷᠠᠭᠤ ᠨᠠᠶᠢᠷᠠᠭᠴᠢ ᠯ∙ᠥᠯᠵᠡᠶᠢᠲᠡᠭᠦᠰ ᠡᠨᠡ ᠤᠳᠠᠭ᠎ᠠ ᠳᠤ 《ᠬᠠᠷᠢᠶᠠᠴᠠᠢ ᠵᠣᠭᠰᠣᠯᠲᠠ》 ᠬᠡᠮᠡᠬᠦ ᠨᠡᠷ᠎ᠡ ᠲᠡᠢ ᠬᠣᠶᠠᠷ ᠪᠣᠲᠢ ᠷᠣᠮᠠᠨ ᠭᠠᠷᠭᠠᠵᠠᠢ᠃ ᠡᠯ᠎ᠡ ᠪᠦᠲᠦᠭᠡᠯ ᠨᠢ ᠥᠨᠥᠳᠥᠷ ᠡᠴᠡ ᠬᠤᠳᠠᠯᠳᠤᠭᠠᠨ ᠳᠤ ᠭᠠᠷᠴᠤ ᠪᠠᠶᠢᠭ᠎ᠠ ᠶᠤᠮ ᠪᠠᠶᠢᠨ᠎ᠠ᠃ ᠲᠡᠷᠡᠪᠡᠷ ᠨᠣᠮ ᠰᠢᠮᠡᠳᠦᠨ ᠤᠩᠰᠢᠳᠠᠭ ᠬᠦᠮᠦᠰ ᠲᠦ ᠵᠣᠷᠢᠭᠤᠯᠵᠤ᠄ ᠬᠡᠷᠪᠡ ᠭᠠᠳᠠᠭᠤᠷᠬᠠᠭᠳᠠᠳᠠᠭ ᠪᠣᠯ ᠵᠦᠭᠡᠷ ᠯᠠ ᠨᠣᠮ ᠤᠩᠰᠢ! ᠥᠭᠭᠢᠶᠡᠮᠦᠷ ᠨᠣᠮ ᠴᠢᠮ᠎ᠠ ᠤᠷᠤᠭᠤ ᠡᠳᠦᠷ ᠪᠦᠷᠢ ᠭᠠᠷ ᠰᠤᠩᠭᠠᠨ᠎ᠠ᠃ ᠬᠡᠷᠪᠡ ᠶᠠᠳᠠᠭᠤ ᠪᠣᠯ ᠨᠣᠮ ᠤᠩᠰᠢ! ᠨᠢᠭᠡ ᠯᠠ ᠡᠳᠦᠷ ᠴᠢ ᠬᠠᠮᠤᠭ ᠤᠨ ᠪᠠᠶᠠᠨ ᠬᠦᠮᠦᠨ ᠪᠣᠯᠤᠭᠰᠠᠨ ᠢᠶᠠᠨ ᠮᠡᠳᠡᠨ᠎ᠡ᠃ ᠬᠠᠷᠢᠨ ᠪᠠᠶᠠᠨ ᠪᠣᠯ ᠪᠦᠷ ᠴᠤ ᠶᠡᠬᠡ ᠤᠩᠰᠢ᠃ ᠮᠥᠩᠭᠥ ᠪᠡᠷ ᠠᠪᠴᠤ ᠴᠢᠳᠠᠳᠠᠭ ᠦᠭᠡᠢ ᠵᠦᠢᠯᠡᠰ ᠢ ᠨᠣᠮ ᠠᠴᠠ ᠣᠯᠤᠭᠰᠠᠨ ᠢᠶᠠᠷ ᠮᠦᠩᠬᠡᠳᠡ ᠪᠠᠶᠠᠨ ᠠᠮᠢᠳᠤᠷᠠᠨ᠎ᠠ᠃

ᠬᠡᠷᠪᠡ ᠠᠯᠳᠠᠭ᠎ᠠ ᠬᠢᠭᠰᠡᠨ ᠪᠣᠯ ᠨᠣᠮ ᠤᠩᠰᠢ! ᠥᠩᠭᠡᠷᠡᠭᠰᠡᠨ ᠢ ᠮᠠᠷᠲᠠᠨ ᠤᠷᠤᠭᠰᠢᠯᠠᠬᠤ ᠮᠢᠩᠭᠠᠨ ᠠᠷᠭ᠎ᠠ ᠶᠢ ᠡᠪᠦᠭᠡᠳ ᠦᠨ ᠠᠯᠲᠠᠨ ᠨᠣᠮ ᠰᠢᠪᠡᠨᠡᠭᠡᠳ ᠯᠠ ᠥᠭᠭᠦᠨ᠎ᠡ᠃ ᠬᠡᠷᠪᠡ ᠥᠨᠥᠴᠢᠨ ᠪᠣᠯ ᠨᠣᠮ ᠤᠩᠰᠢ! ᠨᠣᠮ – ᠬᠠᠭᠠᠴᠠᠰᠢ ᠦᠭᠡᠢ ᠡᠴᠢᠭᠡ ᠡᠬᠡ᠃ ᠬᠡᠨ ᠨᠢᠭᠡᠨ ᠳᠦ ᠭᠣᠮᠣᠳᠠᠭᠰᠠᠨ ᠪᠣᠯ ᠨᠣᠮ ᠯᠠ ᠤᠩᠰᠢ! ᠥᠷᠥᠰᠢᠶᠡᠯ᠂ ᠠᠭᠤᠴᠢᠯᠠᠯ ᠢ ᠨᠣᠮ ᠠᠴᠠ ᠣᠯᠤᠭᠰᠠᠨ ᠴᠢ ᠦᠵᠡᠰᠬᠦᠯᠡᠩᠲᠦ᠂ ᠪᠠᠶᠠᠨ ᠪᠦᠷᠢᠳᠦ ᠪᠣᠯᠵᠤ ᠬᠤᠪᠢᠷᠠᠨ᠎ᠠ᠃ ᠡᠯᠢᠭᠡᠨ ᠰᠠᠳᠤᠨ ᠠᠴᠠ ᠪᠠᠨ ᠬᠣᠯᠠ᠂ ᠬᠠᠷᠢ ᠨᠤᠲᠤᠭ ᠲᠤ ᠶᠠᠪᠤᠭ᠎ᠠ ᠪᠣᠯ ᠨᠣᠮ ᠤᠩᠰᠢ! ᠡᠬᠡ ᠬᠡᠯᠡ ᠳᠡᠭᠡᠷ᠎ᠡ ᠪᠡᠨ ᠤᠩᠰᠢᠬᠤ ᠨᠣᠮ ᠡᠬᠡ ᠣᠷᠣᠨ ᠴᠢᠨᠢ ᠪᠣᠯᠤᠨ᠎ᠠ ᠬᠡᠮᠡᠨ ᠪᠢᠴᠢᠭᠰᠡᠨ ᠪᠠᠶᠢᠳᠠᠭ᠃
ᠡᠮᠦᠨ᠎ᠡ ᠨᠢ ᠵᠣᠬᠢᠶᠠᠯᠴᠢ᠂ ᠢᠷᠠᠭᠤ ᠨᠠᠶᠢᠷᠠᠭᠴᠢ ᠯ∙ᠥᠯᠵᠡᠶᠢᠲᠡᠭᠦᠰ ᠬᠦᠦᠷᠨᠢᠯ ᠵᠣᠬᠢᠶᠠᠯ ᠤᠨ ᠲᠥᠷᠥᠯ ᠢᠶᠡᠷ 《ᠨᠢᠳᠦᠨ ᠦ ᠰᠢᠯᠦᠨ ᠳᠦ ᠦᠯᠡᠳᠡᠭᠰᠡᠨ ᠵᠢᠷᠤᠭ ᠤᠳ》᠂ 《ᠦᠵᠡᠬᠦ ᠶᠢᠨ ᠬᠢᠵᠠᠭᠠᠷ》 ᠨᠣᠮ ᠤᠳ ᠢᠶᠠᠨ ᠤᠩᠰᠢᠭᠴᠢᠳ ᠤᠨ ᠭᠠᠷ ᠲᠤ ᠬᠦᠷᠭᠡᠵᠦ ᠪᠠᠶᠢᠭᠰᠠᠨ᠃

ᠰᠡᠳᠬᠢᠭᠳᠡᠯ ᠦᠯᠡᠳᠡᠭᠡᠬᠦ