ᠠ᠊ ∙ ᠪᠠᠯᠳᠠᠨᠳᠣᠷᠵᠢ ᠳᠤ ᠮᠥᠩᠭᠥᠨ ᠱᠠᠩᠨᠠᠯ  ᠣᠯᠭᠤᠪᠠ  | News.MN

ᠠ᠊ ∙ ᠪᠠᠯᠳᠠᠨᠳᠣᠷᠵᠢ ᠳᠤ ᠮᠥᠩᠭᠥᠨ ᠱᠠᠩᠨᠠᠯ  ᠣᠯᠭᠤᠪᠠ 

ᠮᠣᠩᠭᠣᠯ ᠤᠯᠤᠰ ᠤᠨ ᠵᠠᠰᠠᠭ ᠤᠨ ᠭᠠᠵᠠᠷ ᠠᠴᠠ ᠵᠢᠯ ᠪᠦᠷᠢ ᠰᠤᠶᠤᠯ ᠤᠨ ᠪᠡᠶᠡᠲᠦ ᠪᠤᠰᠤ ᠥᠪ ᠢ ᠦᠨᠳᠦᠰᠦᠨ ᠦ ᠪᠣᠯᠤᠨ ᠳᠡᠯᠡᠬᠡᠢ ᠶᠢᠨ ᠬᠡᠮᠵᠢᠶᠡᠨ ᠳᠦ ᠰᠤᠷᠲᠠᠯᠴᠢᠯᠠᠨ ᠠᠯᠳᠠᠷᠰᠢᠭᠤᠯᠬᠤ᠂ ᠲᠦᠭᠡᠭᠡᠨ ᠳᠡᠯᠭᠡᠷᠡᠭᠦᠯᠬᠦ ᠳᠦ ᠣᠨᠴᠠᠭᠠᠢ ᠬᠤᠪᠢ ᠨᠡᠮᠡᠷᠢ ᠣᠷᠣᠭᠤᠯᠤᠭᠰᠠᠨ ᠥᠪᠯᠡᠨ ᠤᠯᠠᠮᠵᠢᠯᠠᠭᠴᠢ ᠶᠢ ᠲᠣᠳᠣᠷᠠᠭᠤᠯᠵᠤ᠂ 《ᠬᠦᠨᠳᠦᠲᠦ ᠡᠷᠭᠦᠮᠵᠢᠯᠡᠯ》᠂ 30 ᠰᠠᠶ᠎ᠠ ᠲᠥᠭᠥᠷᠢᠭ ᠢᠶᠡᠷ ᠱᠠᠩᠨᠠᠵᠤ ᠤᠷᠮᠠᠰᠢᠭᠤᠯᠳᠠᠭ ᠪᠣᠯᠤᠭᠰᠠᠨ ᠪᠢᠯᠡ᠃
2019 ᠣᠨ ᠤ 《ᠰᠢᠯᠢᠳᠡᠭ ᠥᠪᠯᠡᠨ ᠤᠯᠠᠮᠵᠢᠯᠠᠭᠴᠢ》 ᠍ ᠪᠠᠷ ᠨᠡᠶᠢᠰᠯᠡᠯ ᠬᠣᠲᠠ ᠶᠢᠨ ᠪᠠᠶᠠᠨᠵᠢᠷᠦᠬᠡ ᠳᠡᠭᠦᠷᠭᠡ ᠶᠢᠨ ᠢᠷᠭᠡᠨ᠂ ᠲᠤᠤᠯᠢᠴᠢ ᠠᠪᠢᠷᠮᠢᠳ ᠤᠨ ᠪᠠᠯᠳᠠᠨᠳᠣᠷᠵᠢ ᠰᠢᠯᠭᠠᠷᠠᠵᠤ᠂ 2020 ᠣᠨ ᠤ 2 ᠳ᠋ᠤᠭᠠᠷ ᠰᠠᠷ᠎ᠠ ᠳᠤ ᠶᠡᠷᠦᠩᠬᠡᠢ ᠰᠠᠶᠢᠳ ᠡᠴᠡ 《ᠬᠦᠨᠳᠦᠲᠦ ᠡᠷᠭᠦᠮᠵᠢᠯᠡᠯ》 ᠢᠶᠡᠨ ᠭᠠᠷᠳᠠᠨ ᠠᠪᠤᠭᠠᠳ ᠪᠠᠶᠢᠭᠰᠠᠨ ᠶᠤᠮ᠃  ᠲᠠᠬᠤᠯ ᠠᠴᠠ ᠰᠢᠯᠲᠠᠭᠠᠯᠠᠨ ᠣᠯᠭᠤᠭ᠎ᠠ ᠦᠭᠡᠢ ᠪᠠᠶᠢᠭᠰᠠᠨ ᠮᠥᠩᠭᠥᠨ ᠱᠠᠩᠨᠠᠯ ᠢ ᠰᠤᠶᠤᠯ ᠤᠨ ᠶᠠᠮᠤᠨ ᠤ ᠰᠠᠶᠢᠳ ᠤᠨ ᠪᠠᠭᠴᠠ ᠠᠴᠠ ᠰᠢᠢᠳᠪᠦᠷᠢᠯᠡᠭᠰᠡᠨ ᠢ ᠰᠠᠶᠢᠳ ᠰ∙ᠴᠢᠯᠠᠭᠤᠨ ᠥᠨᠥᠳᠥᠷ ᠲᠤᠤᠯᠢᠴᠢ ᠠ᠊∙ᠪᠠᠯᠳᠠᠨᠳᠣᠷᠵᠢ ᠳᠤ ᠭᠠᠷᠳᠠᠭᠤᠯᠤᠯ᠎ᠠ᠃
ᠤᠷᠢᠶᠠᠩᠬᠠᠢ ᠲᠤᠤᠯᠢᠴᠢ ᠠ᠊∙ᠪᠠᠯᠳᠠᠨᠳᠣᠷᠵᠢ ᠨᠢ ᠵᠢᠯᠬᠡᠷ ᠦᠨ ᠤᠳᠤᠮ ᠤᠨ ᠶᠢᠰᠦᠳᠡᠬᠢ ᠦᠶ᠎ᠡ ᠶᠢᠨ ᠲᠤᠤᠯᠢᠴᠢ ᠪᠥᠭᠡᠳ ᠲᠤᠤᠯᠢ ᠬᠠᠶᠢᠯᠠᠬᠤ ᠤᠯᠠᠮᠵᠢᠯᠠᠯ ᠢ ᠥᠪᠡᠷ ᠦᠨ ᠠᠪᠤ ᠲᠥᠷᠥ ᠶᠢᠨ ᠰᠤᠶᠤᠷᠬᠠᠯᠲᠤ ᠲᠤᠤᠯᠢᠴᠢ ᠪ ∙  ᠠᠪᠢᠷᠮᠢᠳ ᠡᠴᠡ ᠥᠪᠯᠡᠨ ᠠᠪᠴᠠᠢ᠃ ᠲᠡᠷᠡ ᠪᠤᠯ ᠮᠣᠩᠭᠣᠯ ᠤᠯᠤᠰ ᠤᠨ ᠵᠠᠰᠠᠭ ᠤᠨ ᠭᠠᠵᠠᠷ ᠤᠨ 2019 ᠣᠨ ᠤ 475 ᠳ᠋ᠤᠭᠠᠷ ᠲᠣᠭᠲᠠᠭᠠᠯ ᠢᠶᠠᠷ ᠪᠠᠲᠤᠯᠠᠭᠰᠠᠨ 《ᠰᠤᠶᠤᠯ ᠤᠨ ᠪᠡᠶᠡᠲᠦ ᠪᠤᠰᠤ ᠥᠪ ᠢ ᠥᠪᠯᠡᠨ ᠤᠯᠠᠮᠵᠢᠯᠠᠭᠴᠢ ᠶᠢᠨ ᠦᠨᠳᠦᠰᠦᠨ ᠦ ᠵᠢᠭᠰᠠᠭᠠᠯᠲᠠ》 ᠍ ᠳᠦ ᠣᠷᠣᠭᠰᠠᠨ 102 ᠥᠪᠯᠡᠨ ᠤᠯᠠᠮᠵᠢᠯᠠᠭᠴᠢ ᠶᠢᠨ ᠨᠢᠭᠡ ᠶᠤᠮ᠃ ᠳᠠᠰᠢᠷᠠᠮ ᠳᠤ ᠳᠤᠷᠠᠳᠬᠤ ᠳᠤ᠂ 2018 ᠣᠨ ᠤ ᠪᠤᠶᠤ ᠠᠩᠬᠠᠨ ᠤ 《ᠰᠢᠯᠢᠳᠡᠭ ᠥᠪᠯᠡᠨ ᠤᠯᠠᠮᠵᠢᠯᠠᠭᠴᠢ》 ᠍ ᠪᠠᠷ ᠥᠪᠦᠷᠬᠠᠩᠭᠠᠢ ᠠᠶᠢᠮᠠᠭ ᠤᠨ ᠥᠯᠵᠡᠶᠢᠲᠦ ᠰᠤᠮᠤ ᠶᠢᠨ ᠬᠠᠷᠢᠶᠠᠲᠤ ᠤᠷᠲᠤ ᠶᠢᠨ ᠳᠠᠭᠤᠴᠢ ᠳᠣᠷᠵᠢ ᠶᠢᠨ ᠳᠤᠯᠮ᠎ᠠ ᠰᠢᠯᠭᠠᠷᠠᠵᠤ᠂ 30 ᠰᠠᠶ᠎ᠠ ᠲᠥᠭᠥᠷᠢᠭ ᠢᠶᠡᠷ ᠱᠠᠩᠨᠠᠭᠤᠯᠵᠤ ᠪᠠᠶᠢᠭᠰᠠᠨ ᠶᠤᠮ᠃

ᠰᠡᠳᠬᠢᠭᠳᠡᠯ ᠦᠯᠡᠳᠡᠭᠡᠬᠦ