ᠣᠷᠣᠰ ᠸᠠᠺᠼᠢᠨ ᠢᠶᠠᠨ ᠬᠢᠮᠳᠠ ᠪᠡᠷ ᠨᠡᠶᠢᠯᠡᠭᠦᠯᠬᠦ ᠪᠣᠯᠤᠮᠵᠢ ᠲᠠᠢ  | News.MN

ᠣᠷᠣᠰ ᠸᠠᠺᠼᠢᠨ ᠢᠶᠠᠨ ᠬᠢᠮᠳᠠ ᠪᠡᠷ ᠨᠡᠶᠢᠯᠡᠭᠦᠯᠬᠦ ᠪᠣᠯᠤᠮᠵᠢ ᠲᠠᠢ 

 

ᠰᠠᠩ ᠤᠨ ᠰᠠᠶᠢᠳ ᠴ∙ᠬᠦᠷᠡᠯᠪᠠᠭᠠᠲᠤᠷ ᠣᠷᠣᠰ ᠠᠴᠠ ᠮᠣᠩᠭᠣᠯ ᠤᠯᠤᠰ ᠲᠤ ᠰᠠᠭᠤᠭ᠎ᠠ ᠡᠯᠴᠢᠨ ᠰᠠᠶᠢᠳ ᠢ᠊ ∙ ᠺ ∙ ᠠᠽᠢᠽᠤᠸ᠋ ᠲᠠᠢ COVID-19 ᠶᠢᠨ ᠸᠠᠺᠼᠢᠨ ᠤ ᠠᠰᠠᠭᠤᠳᠠᠯ ᠢᠶᠠᠷ ᠰᠠᠨᠠᠯ  ᠰᠤᠯᠢᠯᠴᠠᠭᠰᠠᠨ ᠲᠤᠬᠠᠢ ᠥᠪᠡᠷ ᠦᠨ ᠴᠠᠬᠢᠮ ᠬᠠᠭᠤᠳᠠᠰᠤᠨ ᠳᠤ ᠪᠠᠨ᠄ ᠥᠨᠥᠳᠥᠷ ᠡᠯᠴᠢᠨ ᠰᠠᠶᠢᠳ ᠢ᠊∙ᠺ∙ᠠᠽᠢᠽᠤᠸ᠋  ᠲᠠᠢ ᠠᠭᠤᠯᠵᠠᠵᠤ︽ᠰᠫᠦ᠋ᠲᠨᠢᠺ-V︾ᠸᠠᠺᠼᠢᠨ ᠤ ᠦᠨ᠎ᠡ ᠬᠠᠩᠰᠢ᠂ ᠬᠠᠩᠭᠠᠨ ᠨᠡᠶᠢᠯᠡᠭᠦᠯᠦᠯᠲᠡ ᠪᠣᠯᠤᠨ ᠸᠠᠺᠼᠢᠨᠵᠢᠭᠤᠯᠤᠯᠲᠠ ᠶᠢᠨ  ᠬᠢᠨᠢ ᠶᠠᠪᠤᠴᠠ ᠶᠢᠨ ᠲᠠᠯ᠎ᠠ ᠪᠠᠷ ᠶᠠᠷᠢᠯᠴᠠᠵᠠᠢ᠃
ᠮᠣᠩᠭᠣᠯ ᠤᠯᠤᠰ ᠲᠤ ᠸᠠᠺᠼᠢᠨ ᠢ ᠥᠷᠲᠡᠭ ᠡᠴᠡ ᠨᠢ ᠪᠠᠭ᠎ᠠ ᠦᠨ᠎ᠡ ᠪᠡᠷ ᠨᠡᠶᠢᠯᠡᠭᠦᠯᠬᠦ᠂ ᠬᠠᠮᠤᠭ ᠤᠨ ᠣᠶᠢᠷ᠎ᠠ ᠪᠠᠶᠢᠷᠢᠯᠠᠬᠤ ᠬᠣᠶᠠᠷ ᠡᠬᠢ ᠰᠤᠷᠪᠤᠯᠵᠢ ᠠᠴᠠ ᠬᠠᠩᠭᠠᠬᠤ ᠪᠣᠯᠤᠮᠵᠢ ᠲᠠᠢ ᠶᠢ ᠬᠡᠯᠡᠵᠦ ᠪᠠᠶᠢᠨ᠎ᠠ᠃ ᠪᠦᠬᠦ ᠨᠡᠶᠢᠲᠡ ᠶᠢᠨ ᠸᠠᠺᠼᠢᠨᠵᠢᠭᠤᠯᠤᠯᠲᠠ ᠮᠣᠰᠺᠸᠠ ᠬᠤᠲᠠ ᠳᠤ ᠥᠩᠭᠡᠷᠡᠭᠰᠡᠨ ᠳᠣᠯᠣᠭ᠎ᠠ ᠬᠣᠨᠣᠭ ᠠᠴᠠ ᠡᠬᠢᠯᠡᠭᠰᠡᠨ᠂ ᠳᠡᠯᠡᠬᠡᠢ ᠶᠢᠨ ᠡᠷᠡᠭᠦᠯ ᠮᠡᠨᠳᠦ ᠶᠢᠨ ᠪᠠᠶᠢᠭᠤᠯᠤᠯᠭ᠎ᠠ ᠳᠦ ᠪᠥᠷᠢᠳᠬᠡᠭᠦᠯᠬᠦ ᠶᠠᠪᠤᠴᠠ ᠵᠣᠬᠢᠬᠤ ᠱᠠᠲᠤᠨ ᠳᠤ ᠬᠡᠷᠡᠭᠵᠢᠵᠦ ᠶᠠᠪᠤᠭ᠎ᠠ ᠲᠠᠯ᠎ᠠ ᠪᠠᠷ ᠡᠯᠴᠢᠨ ᠰᠠᠶᠢᠳ ᠮᠡᠳᠡᠭᠡᠯᠡᠯ᠎ᠡ ᠭᠡᠪᠡ᠃

ᠰᠡᠳᠬᠢᠭᠳᠡᠯ ᠦᠯᠡᠳᠡᠭᠡᠬᠦ