ᠨ ∙ ᠲᠦᠪᠰᠢᠨᠪᠠᠶᠠᠷ ᠮᠡᠨᠳᠦᠴᠢᠯᠡᠭᠡ ᠢᠯᠡᠭᠡᠵᠡᠢ  | News.MN

ᠨ ∙ ᠲᠦᠪᠰᠢᠨᠪᠠᠶᠠᠷ ᠮᠡᠨᠳᠦᠴᠢᠯᠡᠭᠡ ᠢᠯᠡᠭᠡᠵᠡᠢ 

 

ᠣᠯᠠᠨ ᠤᠯᠤᠰ ᠤᠨ ᠣᠯᠢᠮᠫ ᠤᠨ ᠬᠣᠷᠢᠶ᠎ᠠ ᠨᠢ 1925 ᠣᠨ ᠳᠤ ᠲᠤᠭᠤᠷᠭ᠎ᠠ ᠲᠤᠰᠠᠭᠠᠷ ᠮᠣᠩᠭᠣᠯ ᠤᠯᠤᠰ ᠢ ᠬᠦᠯᠢᠶᠡᠨ ᠵᠦᠪᠰᠢᠶᠡᠷᠡᠵᠦ᠂ 1956 ᠣᠨ ᠳᠤ ᠮᠣᠩᠭᠣᠯ ᠤᠨ ᠦᠨᠳᠦᠰᠦᠨ ᠦ ᠣᠯᠢᠮᠫ ᠤᠨ ᠬᠣᠷᠢᠶ᠎ᠠ ᠪᠠᠶᠢᠭᠤᠯᠤᠭᠳᠠᠨ᠂ ᠤᠯᠠᠮ ᠢᠶᠠᠷ 1962 ᠣᠨ ᠳᠤ ᠣᠯᠠᠨ ᠤᠯᠤᠰ ᠤᠨ ᠣᠯᠢᠮᠫ ᠤᠨ ᠬᠣᠷᠢᠶ᠎ᠠ ᠍ ᠳᠦ ᠪᠦᠷᠢᠨ ᠡᠷᠬᠡᠲᠦ ᠭᠡᠰᠢᠭᠦᠨ ᠢᠶᠡᠷ ᠡᠯᠰᠡᠭᠰᠡᠨ ᠪᠢᠯᠡ᠃ ᠮᠣᠩᠭᠣᠯ ᠤᠯᠤᠰ ᠤᠨ ᠪᠠᠭ ᠲᠠᠮᠢᠷᠴᠢᠳ《 ᠲᠤᠤᠺᠢᠤ᠋ – 1964》 ᠵᠤᠨ ᠤ ᠠᠷᠪᠠᠨ ᠲᠠᠪᠤᠳᠤᠭᠠᠷ ᠣᠯᠢᠮᠫ ᠤᠨ ᠨᠠᠭᠠᠳᠤᠮ ᠳᠤ ᠠᠩᠬ᠎ᠠ ᠤᠳᠠᠭ᠎ᠠ ᠣᠷᠣᠯᠴᠠᠨ᠂ ᠲᠠᠪᠤᠨ ᠲᠢᠪ ᠲᠦ MONGOLIA ᠬᠡᠮᠡᠨ ᠴᠤᠤᠷᠢᠶᠠᠲᠤᠭᠤᠯᠤᠨ ᠵᠠᠷᠯᠠᠭᠤᠯᠵᠤ᠂ ᠠᠯᠲᠠᠨ ᠰᠤᠶᠤᠩᠪᠤᠲᠤ ᠲᠥᠷᠥ ᠶᠢᠨ ᠳᠠᠯᠪᠠᠭ᠎ᠠ  ᠪᠠᠨ ᠣᠯᠢᠮᠫ ᠤᠨ ᠲᠩᠷᠢ ᠳᠦ ᠨᠠᠮᠢᠷᠠᠭᠤᠯᠤᠨ ᠮᠠᠨᠳᠤᠭᠤᠯᠵᠤ᠂ ᠴᠢᠩᠭᠢᠰ ᠦᠨ ᠤᠳᠤᠮ ᠤᠨ ᠲᠩᠷᠢ ᠵᠠᠶᠠᠭᠠᠲᠤ ᠮᠣᠩᠭᠣᠯᠴᠤᠳ ᠨᠡᠭᠡᠭᠡᠯᠲᠡ ᠶᠢᠨ ᠶᠣᠰᠣᠯᠠᠯ ᠳᠤ ᠠᠯᠪᠠᠨ ᠶᠣᠰᠣᠭᠠᠷ ᠣᠷᠣᠯᠴᠠᠭᠰᠠᠨ ᠪᠠᠬᠠᠳᠤᠮ᠎ᠠ ᠲᠡᠦᠬᠡ ᠲᠡᠢ᠃
ᠡᠬᠡ ᠣᠷᠣᠨ ᠤ ᠪᠠᠨ ᠨᠡᠷ᠎ᠡ ᠶᠢᠨ ᠬᠠᠭᠤᠳᠠᠰᠤ ᠨᠢ ᠪᠣᠯᠤᠭᠰᠠᠨ ᠡᠭᠡᠯ ᠦᠭᠡᠢ ᠭᠠᠪᠢᠶᠠᠲᠤ ᠲᠠᠮᠢᠷᠴᠢᠳ ᠮᠠᠨᠢ ᠲᠢᠪ᠂ ᠳᠡᠯᠡᠬᠡᠢ ᠶᠢᠨ ᠳᠡᠪᠵᠢᠶᠡᠨ ᠡᠴᠡ ᠠᠮᠵᠢᠯᠲᠠ ᠢᠯᠠᠯᠲᠠ ᠶᠢᠨ ᠠᠷᠪᠢᠨ ᠤᠷᠭᠤᠴᠠ ᠬᠤᠷᠢᠶᠠᠨ᠂ ᠣᠯᠢᠮᠫ ᠤᠨ ᠲᠠᠪᠴᠠᠩ ᠠᠴᠠ 2 ᠠᠯᠲᠠ᠂ 10 ᠮᠥᠩᠭᠥ᠂ 14 ᠬᠦᠷᠡᠯ ᠮᠧᠳᠠᠯ ᠬᠦᠷᠲᠡᠵᠦ᠂ ᠠᠷᠠᠳ ᠲᠦᠮᠡᠨ ᠦ ᠪᠡᠨ ᠮᠠᠩᠨᠠᠢ ᠶᠢ ᠲᠡᠨᠢᠢᠯᠭᠡᠨ᠂ ᠠᠭᠤᠤ ᠶᠡᠬᠡ ᠴᠠᠳᠢᠭ ᠲᠡᠦᠬᠡᠲᠦ ᠤᠯᠤᠰ ᠢᠶᠠᠨ ᠠᠯᠲᠠᠨ ᠳᠡᠯᠡᠬᠡᠢ ᠳᠦ ᠠᠯᠳᠠᠷᠰᠢᠭᠤᠯᠤᠭᠰᠠᠨ ᠢ ᠪᠠᠬᠠᠷᠬᠠᠭᠠᠳ ᠬᠠᠨᠤᠰᠢ ᠦᠭᠡᠢ᠃ ᠡᠷᠬᠢᠮ ᠬᠦᠨᠳᠦᠲᠦ ᠲᠠᠮᠢᠷᠴᠢᠳ᠂ ᠳᠠᠰᠬᠠᠯᠵᠢᠭᠤᠯᠤᠭᠴᠢᠳ᠂ ᠰᠫᠣᠷᠲ ᠣᠯᠢᠮᠫᠢᠰᠮ ᠤᠨ ᠰᠠᠯᠪᠤᠷᠢ ᠶᠢᠨ ᠪᠦᠬᠦ ᠠᠵᠢᠯᠲᠠᠨ᠂ ᠠᠯᠪᠠᠨ ᠬᠠᠭᠠᠭᠴᠢ᠂  ᠵᠢᠳᠭᠦᠯᠲᠡᠳ ᠲᠦ ᠤᠯᠤᠰ ᠲᠤᠩᠬᠠᠭᠯᠠᠭᠰᠠᠨ ᠤ 96 ᠵᠢᠯ ᠦᠨ ᠣᠢ ᠶᠢᠨ ᠪᠠᠶᠠᠷ ᠤᠨ ᠮᠡᠨᠳᠦ ᠬᠦᠷᠭᠡᠵᠦ᠂ ᠬᠤᠷᠳᠤᠨ ᠠᠴᠠ ᠬᠤᠷᠳᠤᠨ ᠦᠢᠯᠡᠰ ᠨᠢ ᠪᠦᠲᠦᠵᠦ᠂ ᠥᠨᠳᠥᠷ ᠡᠴᠡ ᠥᠨᠳᠥᠷ ᠠᠮᠵᠢᠯᠲᠠ ᠳᠤ ᠬᠦᠷᠴᠦ᠂ ᠬᠦᠴᠦᠲᠡᠨ ᠡᠴᠡ ᠬᠦᠴᠦᠲᠡᠢ ᠢᠲᠡᠭᠡᠯ ᠵᠢᠳᠬᠦᠯ ᠢᠶᠡᠷ ᠵᠢᠭᠦᠷᠯᠡᠬᠦ ᠢᠷᠦᠭᠡᠯ ᠢ ᠲᠠ ᠪᠦᠬᠦᠨ ᠳᠦ ᠪᠡᠨ ᠳᠡᠪᠰᠢᠭᠦᠯᠦᠶ᠎ᠡ᠃

ᠰᠡᠳᠬᠢᠭᠳᠡᠯ ᠦᠯᠡᠳᠡᠭᠡᠬᠦ