ᠭ ∙ᠽᠠᠨᠳᠠᠨᠰᠢᠲᠠᠷ᠎ᠠ ᠄ ᠮᠣᠩᠭᠣᠯ ᠬᠦᠮᠦᠨ ᠦ ᠪᠡᠶ᠎ᠡ ᠮᠠᠬᠠᠪᠣᠳ ᠲᠤ ᠶᠠᠮᠠᠷ ᠸᠠᠺᠼᠢᠨ ᠲᠣᠬᠢᠷᠠᠬᠤ ᠶᠢ  ᠰᠤᠳᠤᠯᠤᠨ᠎ᠠ | News.MN

ᠭ ∙ᠽᠠᠨᠳᠠᠨᠰᠢᠲᠠᠷ᠎ᠠ ᠄ ᠮᠣᠩᠭᠣᠯ ᠬᠦᠮᠦᠨ ᠦ ᠪᠡᠶ᠎ᠡ ᠮᠠᠬᠠᠪᠣᠳ ᠲᠤ ᠶᠠᠮᠠᠷ ᠸᠠᠺᠼᠢᠨ ᠲᠣᠬᠢᠷᠠᠬᠤ ᠶᠢ  ᠰᠤᠳᠤᠯᠤᠨ᠎ᠠ

 

ᠴᠢᠭᠤᠯᠭᠠᠨ ᠤ ᠬᠤᠷᠠᠯᠳᠤᠭᠠᠨ ᠤ ᠦᠶ᠎ᠡ ᠪᠡᠷ ᠴᠠᠭ ᠦᠶ᠎ᠡ ᠶᠢᠨ ᠨᠥᠬᠥᠴᠡᠯ ᠪᠠᠶᠢᠳᠠᠯ ᠤᠨ ᠲᠠᠯ᠎ᠠ ᠪᠠᠷ ᠤᠯᠤᠰ ᠤᠨ ᠶᠡᠬᠡ ᠬᠤᠷᠠᠯ ᠤᠨ ᠳᠠᠷᠤᠭ᠎ᠠ ᠭ∙ᠽᠠᠨᠳᠠᠨᠰᠢᠲᠠᠷ᠎ᠠ ᠮᠡᠳᠡᠭᠡᠯᠡᠯ ᠦᠭᠭᠦᠯ᠎ᠡ᠃ ᠲᠡᠷᠡᠪᠡᠷ ᠭᠠᠰᠢᠭᠤᠰᠤᠬᠠᠶᠢᠲᠤ ᠳᠤ ᠨᠡᠭᠦᠷᠡᠰᠦ ᠲᠡᠭᠡᠭᠡᠪᠦᠷᠢᠯᠡᠵᠦ ᠪᠠᠶᠢᠭ᠎ᠠ ᠵᠢᠯᠣᠭᠣᠴᠢ ᠨᠠᠷ ᠭᠣᠮᠣᠳᠠᠯ ᠢᠷᠡᠭᠦᠯᠵᠦ ᠪᠠᠶᠢᠨ᠎ᠠ᠃ ᠨᠥᠬᠥᠴᠡᠯ ᠪᠠᠶᠢᠳᠠᠯ ᠦᠨᠡᠬᠡᠷ ᠬᠦᠨᠳᠦ ᠪᠠᠶᠢᠭ᠎ᠠ ᠶᠢ ᠲᠡᠳᠡ ᠬᠡᠯᠡᠵᠦ ᠪᠠᠶᠢᠭ᠎ᠠ᠃ ᠳᠠᠷᠤᠭ᠎ᠠ ᠨᠠᠷ ᠢ ᠣᠴᠢᠬᠤ ᠪᠠᠷ ᠪᠠᠶᠢᠳᠠᠯ ᠨᠢᠭᠡ ᠥᠭᠡᠷ᠎ᠡ ᠪᠠᠶᠢᠳᠠᠭ᠃ ᠶᠠᠭ ᠦᠨᠡᠨ ᠳᠦ ᠪᠡᠨ ᠲᠡᠷᠡ ᠨᠢ ᠥᠩᠭᠡᠯᠡᠨ ᠳᠠᠯᠳᠠᠯᠠᠯᠲᠠ᠃

ᠠᠷᠠᠯᠵᠢᠶᠠᠨ ᠤ ᠪᠠᠩᠬᠢ ᠨᠤᠭᠤᠳ ᠨᠢᠭᠡᠳᠦᠭᠰᠡᠨ ᠨᠢᠭᠡ ᠰᠲ᠋ᠠᠨᠳᠠᠷᠲ ᠪᠠᠷᠢᠵᠤ᠂ ᠵᠢᠭᠡᠯᠡ ᠶᠢᠨ ᠬᠦᠦ ᠶᠢᠨ ᠠᠰᠠᠭᠤᠳᠠᠯ ᠢ ᠨᠢᠭᠡ ᠮᠥᠷ ᠰᠢᠢᠳᠬᠦ ᠬᠡᠷᠡᠭᠲᠡᠢ ᠪᠠᠶᠢᠨ᠎ᠠ᠃ ᠠᠶᠢᠳᠠᠰ ᠲᠦᠭᠰᠢᠭᠦᠷᠢ ᠪᠡᠷ ᠪᠢᠰᠢ ᠪᠣᠯᠤᠮᠵᠢ ᠪᠠᠷ ᠤᠳᠤᠷᠢᠳᠬᠤ ᠨᠢ ᠨᠥᠬᠥᠴᠡᠯ ᠪᠠᠶᠢᠳᠠᠯ ᠤᠨ ᠦᠶ᠎ᠡ ᠳ᠋ᠡᠬᠢ ᠣᠨᠣᠪᠴᠢᠲᠠᠢ ᠠᠷᠭ᠎ᠠ ᠬᠡᠮᠵᠢᠶ᠎ᠡ᠃

ᠤᠲᠤᠭ᠎ᠠ ᠦᠭᠡᠢ ᠲᠦᠯᠡᠰᠢ ᠶᠢ ᠵᠠᠬᠢᠶᠠᠯᠠᠭ᠎ᠠ ᠠᠪᠤᠭᠠᠳ ᠲᠦᠭᠡᠭᠡᠵᠦ ᠪᠣᠯᠤᠨ᠎ᠠ᠃

ᠤᠯᠤᠰ ᠤᠨ ᠶᠡᠬᠡ ᠬᠤᠷᠠᠯ ᠣᠨᠯᠠᠶᠢᠨ ᠢᠶᠠᠷ ᠬᠤᠷᠠᠯᠳᠤᠵᠤ ᠪᠣᠯᠵᠤ ᠪᠠᠶᠢᠨ᠎ᠠ᠃ ᠴᠠᠷ᠎ᠠ ᠲᠠᠬᠤᠯ ᠲᠠᠢ ᠲᠡᠮᠡᠴᠡᠬᠦ ᠠᠵᠢᠯ ᠳᠤ ᠢᠷᠭᠡᠨ᠂ ᠪᠠᠶᠢᠭᠤᠯᠤᠯᠭ᠎ᠠ ᠪᠦᠷ ᠬᠦᠴᠦ ᠪᠡᠨ ᠨᠢᠭᠡᠳᠬᠡᠵᠦ ᠪᠠᠶᠢᠵᠤ ᠳᠠᠪᠠᠵᠤ ᠭᠠᠷᠤᠨ᠎ᠠ᠃ ᠬᠤᠳᠠᠯᠳᠤᠭ᠎ᠠ ᠠᠵᠤ ᠦᠢᠯᠡᠳᠪᠦᠷᠢ ᠶᠢᠨ ᠲᠠᠩᠬᠢᠮ ᠠᠴᠠ ᠬᠥᠯ ᠬᠣᠷᠢᠭ᠎ᠠ ᠣᠨ ᠳᠠᠭᠤᠰᠲᠠᠯ᠎ᠠ ᠦᠷᠭᠦᠯᠵᠢᠯᠡᠪᠡᠯ ᠬᠠᠭᠠᠰ ᠰᠠᠶ᠎ᠠ ᠭᠠᠷᠤᠢ ᠬᠦᠮᠦᠨ ᠠᠵᠢᠯ ᠦᠭᠡᠢ ᠪᠣᠯᠬᠤ ᠲᠣᠭᠠᠴᠠᠭ᠎ᠠ ᠶᠢ ᠭᠠᠷᠭᠠᠭᠰᠠᠨ ᠪᠠᠶᠢᠨ᠎ᠠ᠃
ᠰᠠᠯᠪᠤᠷᠢ ᠪᠦᠷᠢ ᠳᠦ ᠥᠭᠡᠷ᠎ᠡ ᠥᠭᠡᠷ᠎ᠡ ᠰᠠᠨᠠᠭᠠᠴᠢᠯᠠᠭ᠎ᠠ ᠳᠡᠪᠰᠢᠭᠦᠯᠵᠦ ᠪᠣᠯᠤᠨ᠎ᠠ᠃ 2021 ᠣᠨ ᠤ ᠡᠬᠢᠨ ᠦ ᠬᠠᠭᠠᠰ ᠲᠤ ᠸᠠᠺᠼᠢᠨ ᠭᠠᠷᠬᠤ ᠨᠢ ᠨᠢᠭᠡᠨᠲᠡ ᠲᠣᠳᠣᠷᠬᠠᠢ ᠪᠣᠯᠤᠯ᠎ᠠ᠃ ᠪᠢᠳᠡ ᠸᠠᠺᠼᠢᠨ ᠢ ᠪᠤᠰᠤᠳ ᠠᠴᠠ ᠬᠣᠴᠣᠷᠬᠤ ᠦᠭᠡᠢ ᠠᠪᠤᠮᠠᠷ ᠪᠠᠶᠢᠨ᠎ᠠ᠃ ᠮᠣᠩᠭᠣᠯ ᠬᠦᠮᠦᠨ ᠦ ᠪᠡᠶ᠎ᠡ ᠮᠠᠬᠠᠪᠣᠳ ᠪᠣᠯᠤᠨ ᠠᠬᠤᠢ ᠶᠢᠨ ᠨᠥᠬᠥᠴᠡᠯ ᠳᠦ ᠠᠯᠢ ᠸᠠᠺᠼᠢᠨ ᠲᠣᠬᠢᠷᠠᠬᠤ ᠶᠢ ᠰᠤᠳᠤᠯᠬᠤ ᠡᠷᠳᠡᠮᠲᠡᠳ ᠲᠡᠢ ᠬᠠᠮᠲᠤᠷᠠᠭᠰᠠᠨ ᠠᠵᠢᠯ ᠤᠨ ᠬᠡᠰᠡᠭ ᠪᠠᠶᠢᠭᠤᠯᠤᠶ᠎ᠠ᠃ ᠰᠢᠨᠵᠢᠯᠡᠬᠦ ᠤᠬᠠᠭᠠᠨ ᠤ ᠦᠨᠳᠦᠰᠦ ᠲᠡᠢ ᠲᠣᠭᠠᠴᠠᠭ᠎ᠠ ᠰᠤᠳᠤᠯᠭᠠᠨ ᠳᠡᠭᠡᠷ᠎ᠡ ᠦᠨᠳᠦᠰᠦᠯᠡᠵᠦ ᠸᠢᠷᠦ᠋ᠰ ᠦᠨ ᠸᠠᠺᠼᠢᠨ ᠢ ᠣᠷᠣᠭᠤᠯᠵᠤ ᠢᠷᠡᠬᠦ ᠳᠦ ᠲᠤᠰᠬᠠᠢ ᠠᠷᠭ᠎ᠠ ᠬᠡᠮᠵᠢᠶ᠎ᠡ ᠠᠪᠬᠤ ᠨᠢ ᠴᠢᠬᠤᠯᠠ ᠪᠠᠶᠢᠨ᠎ᠠ ᠭᠡᠪᠡ᠃

ᠰᠡᠳᠬᠢᠭᠳᠡᠯ ᠦᠯᠡᠳᠡᠭᠡᠬᠦ