ᠢᠵᠠᠭᠤᠷᠲᠠᠨ ᠤ ᠳᠡᠪᠡᠯ  | News.MN

ᠢᠵᠠᠭᠤᠷᠲᠠᠨ ᠤ ᠳᠡᠪᠡᠯ 

ᠮᠣᠩᠭᠣᠯ ᠤᠨ ᠦᠨᠳᠦᠰᠦᠨ ᠦ ᠮᠦᠽᠧᠢ ᠲᠡᠢ ᠬᠠᠮᠲᠤᠷᠠᠨ ᠲᠠᠨᠢᠯᠴᠠᠭᠤᠯᠵᠤ ᠪᠤᠢ 《ᠠᠯᠲᠠᠨ ᠰᠠᠩ ᠬᠦᠮᠦᠷᠭᠡ》 ᠴᠤᠪᠤᠷᠠᠯ ᠤᠨ ᠡᠨᠡ ᠤᠳᠠᠭ᠎ᠠ ᠶᠢᠨ ᠳ᠋ᠤᠭᠠᠷ ᠲᠤ ᠠᠷᠪᠠᠨ ᠭᠤᠷᠪᠠ ᠳᠦᠷᠪᠡᠳᠦᠭᠡᠷ ᠵᠠᠭᠤᠨ ᠤ ᠦᠶ᠎ᠡ ᠳᠦ  ᠬᠤᠯᠪᠤᠭᠳᠠᠬᠤ 《ᠢᠵᠠᠭᠤᠷᠲᠠᠨ ᠤ ᠳᠡᠪᠡᠯ》ᠦᠵᠡᠮᠦᠷᠢ ᠶᠢ ᠣᠨᠴᠠᠯᠠᠵᠤ ᠪᠠᠶᠢᠨ᠎ᠠ᠃
ᠣᠨ ᠴᠠᠭ᠄ ᠠᠷᠪᠠᠨ ᠭᠤᠷᠪᠠ ᠳᠦᠷᠪᠡᠳᠦᠭᠡᠷ ᠵᠠᠭᠤᠨ
ᠮᠠᠲ᠋ᠧᠷᠢᠶᠠᠯ᠄ ᠲᠣᠷᠭ᠎ᠠ᠂ ᠫᠠᠨᠽᠠ᠂ ᠬᠣᠷᠭᠣᠢ᠂ ᠳᠠᠪᠤᠤ᠂ ᠠᠯᠲᠠᠨ ᠤᠲᠠᠰᠤ
ᠬᠡᠮᠵᠢᠶ᠎ᠡ᠄ 128×110 ᠰᠠᠨᠲ᠋ᠢᠮᠧᠲ᠋ᠷ
ᠡᠨᠡᠬᠦ ᠳᠡᠪᠡᠯ ᠢ ᠮᠣᠩᠭᠣᠯ ᠤᠨ ᠦᠨᠳᠦᠰᠦᠨ ᠦ ᠮᠦᠽᠧᠢ ᠶᠢᠨ ᠰᠤᠳᠤᠯᠤᠭᠠᠴᠢᠳ 2003 ᠣᠨ ᠳᠤ ᠬᠡᠨᠲᠡᠢ ᠠᠶᠢᠮᠠᠭ ᠤᠨ ᠳᠡᠯᠭᠡᠷᠬᠠᠨ ᠰᠤᠮᠤ ᠶᠢᠨ ᠨᠤᠲᠤᠭ ᠪᠤᠬ᠎ᠠ ᠶᠢᠨ ᠬᠣᠰᠢᠭᠤ ᠬᠡᠮᠡᠬᠦ ᠭᠠᠵᠠᠷ ᠲᠤ ᠪᠤᠢ ᠮᠣᠩᠭᠣᠯ ᠤᠨ ᠡᠵᠡᠨᠲᠦ ᠭᠦᠷᠦᠨ ᠦ ᠦᠶ᠎ᠡ ᠶᠢᠨ ᠪᠤᠯᠠᠰᠢᠨ ᠠᠴᠠ ᠢᠯᠡᠷᠡᠭᠦᠯᠦᠨ ᠣᠯᠵᠠᠢ᠃ ᠡᠨᠳᠡ ᠡᠴᠡ ᠭᠤᠷᠪᠠᠨ ᠳᠡᠪᠡᠯ ᠭᠠᠷᠤᠭᠰᠠᠨ ᠤ ᠨᠢᠭᠡ ᠨᠢ ᠤᠷᠠᠨ ᠲᠠᠩᠰᠤᠭ ᠬᠢᠴᠡ᠂ ᠵᠠᠭᠪᠤᠷ ᠲᠠᠢ ᠠᠭᠠᠳ ᠠᠯᠲᠠᠨ ᠤᠲᠠᠰᠤ ᠪᠦᠬᠦᠢ ᠦᠨᠡᠲᠦ ᠲᠣᠷᠭ᠎ᠠ ᠪᠠᠷ ᠬᠢᠭᠳᠡᠵᠡᠢ᠃ ᠢᠵᠠᠭᠤᠷᠲᠠᠨ ᠤ ᠳᠡᠪᠡᠯ ᠨᠢ ᠮᠣᠩᠭᠣᠯ ᠤᠨ ᠦᠨᠳᠦᠰᠦᠨ ᠦ ᠮᠦᠽᠧᠢ ᠶᠢᠨ ᠳᠦᠷᠪᠡᠳᠦᠭᠡᠷ ᠲᠠᠩᠬᠢᠮ ᠳᠤ ᠪᠠᠶᠢᠳᠠᠭ᠃ ᠤᠭ ᠳᠡᠪᠡᠯ ᠨᠢ ᠲᠠᠰᠢᠭᠤ ᠵᠠᠬ᠎ᠠ ᠲᠠᠢ᠂ ᠤᠷᠲᠤ ᠨᠠᠷᠢᠨ ᠬᠠᠨᠴᠤᠢ ᠲᠠᠢ ᠪᠡᠯᠬᠡᠭᠦᠰᠦ ᠪᠡᠷ ᠢᠶᠡᠨ ᠨᠢᠭᠲᠠ ᠨᠢᠭᠡᠨ ᠵᠢᠭᠳᠡ ᠬᠤᠨᠢᠶᠠᠰᠤ ᠲᠠᠢ᠂ ᠳᠡᠷᠪᠡᠭᠡᠷ ᠬᠣᠷᠮᠣᠢ ᠲᠠᠢ᠂ ᠨᠢᠮᠭᠡᠨ ᠲᠣᠷᠭᠠᠨ ᠭᠠᠳᠠᠷ ᠲᠠᠢ᠃ ᠳᠡᠪᠡᠯ ᠦᠨ ᠠᠩᠬᠠᠨ ᠤ ᠥᠩᠭᠡ ᠨᠡᠯᠢᠶᠡᠳ ᠬᠤᠪᠢᠷᠠᠵᠤ ᠥᠭᠡᠷᠡᠴᠢᠯᠡᠭᠳᠡᠭᠰᠡᠨ ᠪᠥᠭᠡᠳ ᠣᠳᠣ ᠪᠣᠷᠣ ᠥᠩᠭᠡ ᠲᠡᠢ᠃ ᠳᠡᠪᠡᠯ ᠦᠨ ᠡᠩᠭᠡᠷ᠂ ᠮᠥᠷᠥ ᠠᠷᠤ ᠳᠠᠯᠤ ᠨᠢᠷᠤᠭᠤ ᠨᠥᠮᠦᠷᠦᠭᠦᠯᠦᠨ ᠦᠷᠭᠦᠯᠵᠢᠯᠡᠭᠰᠡᠨ ᠡᠪᠡᠷ ᠤᠭᠠᠯᠵᠠ ᠬᠡ ᠶᠢ ᠬᠣᠷᠭᠣᠢ ᠲᠣᠷᠭ᠎ᠠ ᠪᠠᠷ ᠬᠠᠶᠢᠴᠢᠯᠠᠨ ᠵᠠᠬ᠎ᠠ ᠪᠠᠷ ᠨᠢ ᠠᠯᠲᠠᠨ ᠤᠲᠠᠰᠤ ᠪᠠᠷ ᠵᠡᠭᠡᠭ ᠳᠠᠷᠤᠭᠤᠯᠤᠨ ᠣᠶᠣᠵᠠᠢ᠃ ᠠᠯᠲᠠᠨ ᠤᠲᠠᠰᠤ ᠲᠠᠢ ᠲᠣᠷᠭ᠎ᠠ ᠪᠠᠷ ᠡᠪᠡᠷ ᠤᠭᠠᠯᠵᠠᠨ ᠬᠡ ᠶᠢ ᠨᠢᠭᠡᠨ ᠵᠢᠭᠳᠡ ᠬᠡᠮᠵᠢᠶ᠎ᠡ ᠲᠡᠢ ᠣᠯᠠᠨ ᠢ ᠡᠰᠬᠡᠨ ᠪᠡᠯᠡᠳᠬᠡᠵᠦ᠂ ᠳᠡᠪᠡᠯ ᠦᠨ ᠡᠩᠭᠡᠷ᠂ ᠰᠤᠮᠤ᠂ ᠬᠠᠨᠴᠤᠢ ᠶᠢᠨ ᠦᠵᠦᠭᠦᠷ᠂ ᠪᠤᠭᠤᠯᠭ᠎ᠠ᠂ ᠬᠣᠷᠮᠣᠢ ᠳᠠᠭᠠᠭᠤᠯᠤᠨ ᠡᠮᠵᠢᠶᠡᠷᠢᠯᠡᠨ ᠣᠶᠣᠵᠠᠢ᠃  ᠬᠡ  ᠶᠢᠨ ᠬᠣᠶᠠᠷ ᠲᠠᠯ᠎ᠠ ᠪᠠᠷ ᠪᠣᠷᠣ ᠳᠠᠪᠤᠤ ᠳᠡᠪᠢᠰᠬᠡᠷ ᠲᠡᠢ ᠬᠣᠰᠢᠶ᠎ᠠ ᠤᠷᠠᠯᠠᠵᠠᠢ᠃

ᠳᠡᠪᠡᠯ ᠦᠨ ᠪᠡᠯᠬᠡᠭᠦᠰᠦ ᠣᠷᠴᠢᠮ ᠢᠶᠠᠷ 20 ᠰᠠᠨᠲ᠋ᠢᠮᠧᠲ᠋ᠷ ᠥᠷᠭᠡᠨ ᠲᠡᠢ ᠪᠤᠷᠤᠭᠤ ᠵᠥᠪ ᠡᠷᠴᠢᠯᠡᠭᠰᠡᠨ ᠠᠯᠲᠠᠨ ᠤᠲᠠᠰᠤᠨ ᠵᠡᠭᠡᠭ ᠢ ᠵᠡᠷᠭᠡᠴᠡᠭᠡᠯᠡᠨ ᠳᠠᠷᠤᠵᠤ ᠣᠶᠣᠭᠰᠠᠨ ᠨᠢ ᠳᠡᠪᠡᠯ ᠢ ᠮᠠᠰᠢᠳᠠ ᠤᠷᠠᠨ ᠨᠢᠮᠪᠠᠢ ᠬᠢᠭᠰᠡᠨ ᠢ ᠭᠡᠷᠡᠴᠢᠯᠡᠨ᠎ᠡ᠃ ᠳᠣᠲᠣᠭᠠᠳᠤ ᠡᠩᠭᠡᠷ ᠨᠢ ᠵᠡᠭᠦᠨ ᠭᠠᠷ ᠲᠠᠯ᠎ᠠ ᠳᠤ ᠪᠠᠨ ᠯᠠᠪ ᠳᠠᠷᠤᠭᠰᠠᠨ᠂ ᠪᠠᠷᠠᠭᠤᠨ ᠲᠠᠯ᠎ᠠ ᠳᠤ ᠪᠠᠨ ᠭᠤᠷᠪᠠᠨ ᠲᠣᠷᠭᠠᠨ ᠪᠦᠴᠡ ᠲᠡᠢ᠃ ᠵᠡᠭᠦᠨ ᠲᠠᠯ᠎ᠠ ᠳᠤ ᠪᠠᠨᠬᠤᠷᠮᠤᠢ ᠠᠴᠠ ᠪᠦᠰᠡᠯᠡᠬᠡᠢ ᠬᠦᠷᠲᠡᠯ᠎ᠡ ᠣᠨᠣᠭ᠎ᠠ ᠲᠠᠢ᠃ ᠤᠭ ᠳᠤᠷᠠᠰᠬᠠᠯ ᠢ 2013 ᠣᠨ ᠳᠤ ᠮᠣᠩᠭᠣᠯ ᠤᠯᠤᠰ ᠤᠨ ᠵᠠᠰᠠᠭ ᠤᠨ ᠭᠠᠵᠠᠷ ᠤᠨ 227 ᠳ᠋ᠤᠭᠠᠷ ᠲᠣᠭᠲᠠᠭᠠᠯ ᠢᠶᠠᠷ 《ᠬᠣᠣᠰ ᠦᠭᠡᠢ ᠦᠨᠡᠲᠦ》 ᠳᠤᠷᠠᠰᠬᠠᠯᠲᠤ ᠵᠦᠢᠯ ᠢᠶᠡᠷ ᠪᠠᠲᠤᠯᠠᠵᠤ ᠭᠡᠷᠡᠴᠢᠯᠡᠭᠡ ᠣᠯᠭᠤᠵᠠᠢ᠃

ᠰᠡᠳᠬᠢᠭᠳᠡᠯ ᠦᠯᠡᠳᠡᠭᠡᠬᠦ