ᠬ ∙ ᠠᠯᠲᠠᠨᠭᠡᠷᠡᠯ ᠦᠨ ᠪᠦᠲᠦᠭᠡᠯ ᠦᠳ ᠲᠡᠷᠢᠭᠦᠯᠡᠯ᠎ᠡ  | News.MN

ᠬ ∙ ᠠᠯᠲᠠᠨᠭᠡᠷᠡᠯ ᠦᠨ ᠪᠦᠲᠦᠭᠡᠯ ᠦᠳ ᠲᠡᠷᠢᠭᠦᠯᠡᠯ᠎ᠡ 

ᠡᠨᠡ ᠣᠨ ᠤ 11 ᠰᠠᠷ᠎ᠠ ᠶᠢᠨ 20-23 ᠍ ᠤ ᠬᠣᠭᠣᠷᠣᠨᠳᠣ ᠹᠢᠨᠯᠠᠨᠳ᠋ ᠤᠯᠤᠰ ᠲᠤ ᠵᠣᠬᠢᠶᠠᠨ ᠪᠠᠶᠢᠭᠤᠯᠤᠭᠳᠠᠭᠰᠠᠨ ᠨᠡᠷᠡᠲᠦ ᠬᠥᠭᠵᠢᠮ ᠦᠨ ᠵᠣᠬᠢᠶᠠᠯᠴᠢ ᠶᠠᠩ ᠰᠢᠪᠧᠯᠢᠤᠰ ᠤᠨ ᠨᠡᠷᠡᠮᠵᠢᠲᠦ ᠣᠯᠠᠨ ᠤᠯᠤᠰ ᠤᠨ ᠬᠥᠭᠵᠢᠮ ᠦᠨ ᠵᠣᠬᠢᠶᠠᠯᠴᠢᠳ ᠤᠨ ᠨᠠᠢ᠌ᠮᠠᠳᠤᠭᠠᠷ ᠤᠷᠤᠯᠳᠤᠭᠠᠨ ᠳᠤ ᠬᠥᠭᠵᠢᠮ ᠦᠨ ᠵᠣᠬᠢᠶᠠᠯᠴᠢ ᠬ∙ᠠᠯᠲᠠᠨᠭᠡᠷᠡᠯ ᠦᠨ 《ᠴᠠᠰᠤᠲᠤ ᠶᠢᠨ ᠮᠡᠷᠭᠡᠳ》ᠮᠣᠷᠢᠨ ᠬᠤᠭᠤᠷ᠂ ᠰᠢᠮᠹᠣᠨᠢ ᠨᠠᠶᠢᠷᠠᠯ ᠬᠥᠭᠵᠢᠮ ᠦᠨ ᠺᠣᠨᠼᠧᠷᠲ ᠭᠣᠴᠣᠯᠠᠯ ᠬᠥᠭᠵᠢᠮ ᠦᠨ ᠲᠥᠷᠥᠯ ᠳᠦ  ᠲᠡᠷᠢᠭᠦᠨ ᠪᠠᠢᠷᠢ ᠡᠵᠡᠯᠡᠯ᠎ᠡ᠃

ᠬ∙ᠠᠯᠲᠠᠨᠭᠡᠷᠡᠯ ᠦᠨ ᠡᠨᠡ ᠤᠷᠤᠯᠳᠤᠭᠠᠨ ᠳᠤ ᠣᠷᠣᠯᠴᠠᠭᠰᠠᠨ ᠬᠤᠶᠠᠳᠠᠬᠢ ᠪᠦᠲᠦᠭᠡᠯ ᠨᠢ 2019 ᠣᠨ ᠳᠤ ᠠᠪᠢᠶᠠᠰᠯᠢᠭ ᠬᠤᠭᠤᠴᠢᠷᠴᠢ ᠡ᠊ ∙ ᠴᠡᠨᠳᠠᠰᠦ᠋ᠷᠦᠩ ᠳᠦ ᠵᠣᠷᠢᠭᠤᠯᠵᠤ ᠲᠤᠭᠤᠷᠪᠢᠭᠰᠠᠨ《 ᠬᠤᠭᠤᠴᠢᠷ ᠤᠨ ᠺᠣᠨᠼᠧᠷᠲ》 ᠪᠥᠭᠡᠳ ᠡᠨᠡ ᠪᠦᠲᠦᠭᠡᠯ ᠢᠶᠡᠷ ᠢᠶᠡᠨ ᠳᠡᠳ᠋ ᠪᠠᠢᠷᠢ ᠶᠢᠨ ᠱᠠᠩᠨᠠᠯ ᠬᠦᠷᠲᠡᠵᠡᠢ᠃

ᠰᠡᠳᠬᠢᠭᠳᠡᠯ ᠦᠯᠡᠳᠡᠭᠡᠬᠦ