《 ᠠᠭᠤᠯᠠ》 ᠠᠷᠭ᠎ᠠ ᠬᠡᠮᠵᠢᠶ᠎ᠡ ᠶᠢ ᠵᠣᠬᠢᠶᠠᠨ ᠪᠠᠶᠢᠭᠤᠯᠤᠨ᠎ᠠ  | News.MN

《 ᠠᠭᠤᠯᠠ》 ᠠᠷᠭ᠎ᠠ ᠬᠡᠮᠵᠢᠶ᠎ᠡ ᠶᠢ ᠵᠣᠬᠢᠶᠠᠨ ᠪᠠᠶᠢᠭᠤᠯᠤᠨ᠎ᠠ 

ᠨᠡᠶᠢᠰᠯᠡᠯ ᠦᠨ ᠰᠢᠨᠵᠢᠯᠡᠬᠦ ᠤᠬᠠᠭᠠᠨ᠂ ᠦᠢᠯᠡᠳᠪᠦᠷᠢᠯᠡᠯ ᠢᠨᠨᠤᠸᠠᠼ ᠤᠨ ᠭᠠᠵᠠᠷ ᠠᠴᠠ ᠳᠡᠯᠡᠬᠡᠢ ᠶᠢᠨ ᠵᠠᠯᠠᠭᠤᠴᠤᠳ ᠤᠨ ᠲᠥᠯᠥᠭᠡᠯᠡᠯ ᠢ ᠡᠩᠨᠡᠭᠡᠨ ᠳᠦ ᠪᠡᠨ ᠨᠢᠭᠡᠳᠬᠡᠭᠰᠡᠨ ᠵᠠᠯᠠᠭᠤᠴᠤᠳ ᠤᠨ ᠬᠢᠯᠢ ᠬᠢᠵᠠᠭᠠᠷ ᠦᠭᠡᠢ ᠪᠡᠷ ᠬᠥᠭᠵᠢᠨ᠂ ᠰᠠᠶᠢᠨ ᠰᠠᠶᠢᠬᠠᠨ ᠤ ᠲᠥᠯᠥᠭᠡ ᠬᠠᠮᠲᠤ ᠳᠤ ᠪᠠᠨ ᠨᠢᠭᠡᠳᠬᠦ ПАНОРОМА ᠲᠥᠰᠥᠯ ᠦᠨ ᠬᠦᠷᠢᠶᠡᠨ ᠳᠦ 《 ᠠᠭᠤᠯᠠ》 ᠠᠷᠭ᠎ᠠ ᠬᠡᠮᠵᠢᠶ᠎ᠡ ᠶᠢ 《ᠤᠯᠠᠭᠠᠨᠪᠠᠭᠠᠲᠤᠷ ᠢᠨᠨᠤᠸᠠᠼ ᠤᠨ ᠲᠥᠪ》 ᠲᠤ 《ᠵᠣᠷᠢᠭ  ᠠᠭᠤᠯᠠ᠂ ᠵᠢᠳᠬᠦᠯ  ᠠᠭᠤᠯᠠ᠂ ᠵᠥᠪ ᠢ  ᠠᠭᠤᠯᠠ》 ᠤᠷᠢᠶᠠᠨ ᠳᠣᠣᠷ᠎ᠠ 《ᠬᠦᠰᠡᠯ ᠲᠡᠮᠡᠤᠯᠤᠯ᠂ ᠠᠮᠵᠢᠯᠲᠠ᠂ ᠤᠨᠠᠯᠲᠠ᠂ ᠳᠠᠬᠢᠨ ᠰᠡᠷᠭᠦᠯᠲᠡ》 ᠶᠡᠷᠦᠩᠬᠡᠢ ᠰᠡᠳᠦᠪ ᠦᠨ ᠬᠦᠷᠢᠶᠡᠨ ᠳᠦ ᠵᠣᠬᠢᠶᠠᠨ ᠪᠠᠢᠭᠤᠯᠪᠠ᠃
ᠡᠨᠡᠬᠦ ᠠᠷᠭ᠎ᠠ ᠬᠡᠮᠵᠢᠶᠡᠨ ᠳᠦ ᠵᠠᠯᠠᠭᠤᠴᠤᠳ ᠤᠨ ᠲᠣᠮᠣᠬᠠᠨ ᠲᠥᠯᠥᠭᠡᠯᠡᠯ ᠪᠣᠯᠬᠤ 《ᠹᠢᠨ ᠲᠡᠭᠦᠰᠬᠡᠯ ᠤᠷᠤᠭᠤ》 ᠨᠣᠮ ᠤᠨ ᠵᠣᠬᠢᠶᠠᠭᠴᠢ᠂ ᠮᠣᠪᠢᠺᠣᠮ ᠺᠤᠷᠫᠤᠷᠠᠼ ᠍ ᠦᠨ ᠮᠧᠨᠧᠵᠧᠷ ᠠ᠊ ∙ ᠠᠯᠲᠠᠨᠪᠠᠭᠠᠨ᠎ᠠ᠂ ᠳᠠᠭᠤᠴᠢᠨ 《Voice of Mongolia》 ᠍ ᠦᠨ ᠰᠢᠭᠦᠭᠴᠢ ᠤᠺᠠ᠂ Youtube ᠸᠯᠤᠭ᠍ᠭ᠍ᠸᠷ᠂ ᠠᠮᠧᠷᠢᠺᠠ ᠶᠢᠨ ᠪᠤᠰᠲ᠋ᠤᠨ ᠤ ᠶᠡᠬᠡ ᠰᠤᠷᠭᠠᠭᠤᠯᠢ ᠶᠢᠨ ᠲᠡᠭᠦᠰᠦᠭᠴᠢ ᠣ᠊ ∙ ᠠᠷᠢᠭᠤᠨᠵᠠᠶᠠᠭ᠎ᠠ᠂ ᠮᠣᠪᠢᠺᠣᠮ ᠺᠤᠷᠫᠤᠷᠠᠼ ᠍ ᠦᠨ ᠲᠥᠯᠥᠭᠡᠯᠡᠨ ᠤᠳᠤᠷᠢᠳᠬᠤ ᠵᠥᠪᠯᠡᠯ ᠦᠨ ᠨᠠᠷᠢᠨ ᠪᠢᠴᠢᠭ ᠦᠨ ᠳᠠᠷᠤᠭ᠎ᠠ᠂ ᠶᠠᠫᠣᠨ ᠤᠯᠤᠰ ᠤᠨ ᠾᠢᠲ᠋ᠤᠴᠤᠪᠠᠰᠢ ᠶᠡᠬᠡ ᠰᠤᠷᠭᠠᠭᠤᠯᠢ ᠶᠢᠨ ᠲᠡᠭᠦᠰᠦᠭᠴᠢ ᠪ ∙ ᠪᠠᠶᠠᠷᠮᠠᠩᠨᠠᠢ ᠨᠠᠷ ᠤᠷᠤᠯᠴᠠᠯ᠎ᠠ᠃ ᠲᠡᠳᠡ ᠵᠠᠯᠠᠭᠤᠴᠤᠳ ᠲᠤ ᠬᠠᠨᠳᠤᠨ 《ᠬᠦᠰᠡᠯ ᠲᠡᠮᠡᠤᠯᠤᠯ᠂ ᠠᠮᠵᠢᠯᠲᠠ᠂ ᠤᠨᠠᠯᠲᠠ᠂ ᠳᠠᠬᠢᠨ ᠰᠡᠷᠭᠦᠯᠲᠡ》 ᠶᠡᠷᠦᠩᠬᠡᠢ ᠰᠡᠳᠦᠪ ᠦᠨ ᠳᠣᠣᠷ᠎ᠠ ᠥᠪᠡᠷᠰᠡᠳ ᠦᠨ ᠠᠵᠢᠯ᠂ ᠠᠮᠵᠢᠯᠲᠠ ᠶᠢᠨ ᠲᠤᠷᠰᠢᠯᠭ᠎ᠠ ᠠᠴᠠ ᠬᠤᠪᠢᠶᠠᠯᠴᠠᠨ ᠵᠠᠯᠠᠭᠤᠴᠤᠳ ᠲᠤ ᠬᠦᠯᠢᠶᠡᠭᠳᠡᠵᠦ ᠪᠤᠢ ᠪᠣᠯᠤᠮᠵᠢ᠂ ᠥᠨᠥ ᠴᠠᠭ ᠦᠶ᠎ᠡ ᠶᠢᠨ ᠳᠠᠪᠠᠭᠤ ᠲᠠᠯ᠎ᠠ ᠶᠢᠨ ᠲᠠᠯ᠎ᠠ ᠪᠠᠷ ᠶᠠᠷᠢᠯᠴᠠᠯᠭ᠎ᠠ᠂ ᠢᠯᠡᠳᠬᠡᠯ ᠥᠷᠨᠢᠭᠦᠯᠦᠨ 2 ᠴᠠᠭ ᠤᠨ ᠨᠡᠭᠡᠭᠡᠯᠲᠡ ᠲᠡᠢ ᠠᠭᠤᠯᠵᠠᠯᠲᠠ᠂ ᠶᠠᠷᠢᠯᠴᠠᠯᠭ᠎ᠠ ᠵᠣᠬᠢᠶᠠᠨ ᠪᠠᠢᠭᠤᠯᠪᠠ᠃

ᠰᠡᠳᠬᠢᠭᠳᠡᠯ ᠦᠯᠡᠳᠡᠭᠡᠬᠦ