ᠳ ∙ ᠪᠣᠯᠣᠳ ᠰᠢᠨ᠎ᠡ ᠺᠯᠢᠫ ᠲᠤ ᠪᠡᠨ ᠡᠬᠡᠨᠡᠷ ᠢᠶᠡᠨ ᠲᠣᠭᠯᠠᠭᠤᠯᠵᠠᠢ  | News.MN

ᠳ ∙ ᠪᠣᠯᠣᠳ ᠰᠢᠨ᠎ᠡ ᠺᠯᠢᠫ ᠲᠤ ᠪᠡᠨ ᠡᠬᠡᠨᠡᠷ ᠢᠶᠡᠨ ᠲᠣᠭᠯᠠᠭᠤᠯᠵᠠᠢ 

ᠲᠥᠷᠥ ᠶᠢᠨ ᠰᠤᠶᠤᠷᠬᠠᠯᠲᠤ ᠳᠠᠭᠤᠴᠢᠨ ᠳ ∙ ᠪᠣᠯᠣᠳ᠂ 440HZ ᠷᠧᠺᠣᠷᠳᠤᠰ ᠤᠨ ᠤᠷᠠᠨ ᠪᠦᠲᠦᠭᠡᠯᠴᠢ Nene ᠨᠠᠷ ᠤᠨ ᠬᠠᠮᠲᠤᠷᠠᠭᠰᠠᠨ 《One shot》ᠳᠠᠭᠤᠤ ᠶᠢᠨ ᠺᠯᠢᠫ  ᠰᠠᠴᠤᠭᠳᠠᠵᠠᠢ᠃ Youtube ᠬᠠᠭᠤᠳᠠᠰᠤᠨ ᠳᠦ ᠨᠡᠶᠢᠲᠡᠯᠡᠭᠳᠡᠭᠰᠡᠨ ᠳᠠᠷᠤᠢ ᠳᠤ ᠪᠠᠨ 140 ᠮᠢᠩᠭ᠎ᠠ ᠭᠠᠷᠤᠢ ᠦᠵᠡᠭᠴᠢ ᠳᠦ  ᠬᠦᠷᠴᠡᠢ᠃《One shot》ᠳᠠᠭᠤᠤ ᠶᠢᠨ ᠦᠭᠡ ᠶᠢ Nene ᠪᠢᠴᠢᠭᠰᠡᠨ ᠪᠠ ᠬᠥᠭᠵᠢᠮ ᠢ ᠳ ∙ ᠪᠣᠯᠣᠳ ᠨᠠᠶᠢᠷᠠᠭᠤᠯᠵᠠᠢ᠃ ᠰᠢᠨ᠎ᠡ ᠤᠷᠠᠨ ᠪᠦᠲᠦᠭᠡᠯ ᠦᠨ ᠢᠶᠡᠨ ᠲᠠᠯ᠎ᠠ ᠪᠠᠷ ᠳ∙ᠪᠣᠯᠣᠳ ᠥᠪᠡᠷ ᠦᠨ ᠰᠤᠽᠢᠶᠠᠯ  ᠬᠠᠭᠤᠳᠠᠰᠤᠨ᠎ᠠ᠄ ᠪᠢᠳᠡ ᠪᠦᠭᠦᠳᠡ ᠯᠠ ᠳᠤᠷᠠᠰᠤᠮᠵᠢ ᠪᠠᠷ ᠢᠶᠠᠨ ᠵᠢᠷᠭᠠᠵᠤ ᠠᠮᠢᠳᠤᠷᠠᠳᠠᠭ᠃ ᠨᠠᠶᠢᠵᠠ ᠨᠥᠬᠥᠳ ᠪᠣᠯᠵᠤ᠂ ᠵᠢᠷᠦᠬᠡ ᠰᠡᠳᠬᠢᠯ ᠦᠨ ᠨᠠᠨᠳᠢᠨ ᠳᠤᠷᠠᠰᠤᠮᠵᠢ ᠨᠤᠭᠤᠳ ᠪᠦᠲᠦᠭᠡᠯᠴᠡᠵᠦ ᠪᠠᠶᠢᠭ᠎ᠠ ᠬᠦᠮᠦᠨ ᠪᠦᠷᠢ ᠳᠦ ᠡᠨᠡ ᠳᠠᠭᠤᠤ ᠶᠢ ᠵᠣᠷᠢᠭᠤᠯᠤᠯ᠎ᠠ᠃ ᠵᠢᠷᠭᠠᠯᠲᠠᠢ ᠦᠶ᠎ᠡ ᠳᠦ ᠪᠡᠨ ᠦᠷᠭᠦᠯᠵᠢ ᠰᠣᠨᠣᠰᠴᠤ ᠪᠠᠰᠠ ᠪᠦᠵᠢᠭᠯᠡᠵᠦ ᠪᠠᠶᠢᠭᠠᠷᠠᠢ᠃ ᠶᠠᠭᠠᠬᠢᠭᠠᠳ ᠭᠡᠪᠡᠯ ᠪᠢ ᠨᠠᠢᠵᠠ ᠨᠠᠷ ᠲᠠᠢ ᠪᠠᠨ ᠵᠢᠷᠭᠠᠯ ᠲᠠᠢ ᠪᠠᠶᠢᠬᠤ ᠦᠶ᠎ᠡ ᠳᠦ ᠪᠡᠨ ᠡᠨᠡ ᠳᠠᠭᠤᠤ ᠶᠢ ᠵᠣᠬᠢᠶᠠᠭᠰᠠᠨ ᠶᠤᠮ ᠭᠡᠰᠡᠨ ᠪᠠᠶᠢᠨ᠎ᠠ᠃
ᠺᠯᠢᠫ ᠲᠤ ᠮᠣᠩᠭᠣᠯ ᠤᠨ ᠤᠷᠠᠯᠢᠭ ᠰᠤᠶᠤᠯ ᠤᠨ  ᠠᠯᠳᠠᠷᠲᠠᠳ ᠠᠴᠠ ᠭᠠᠳᠠᠨ᠎ᠠ ᠪᠢᠽᠢᠨᠧᠰ ᠦᠨ ᠰᠠᠯᠪᠤᠷᠢ ᠶᠢᠨ ᠮᠠᠩᠯᠠᠶᠢᠯᠠᠭᠴᠢᠳ ᠣᠷᠣᠯᠴᠠᠵᠠᠢ᠃ ᠲᠤᠬᠠᠶᠢᠯᠠᠪᠠᠯ᠂ 《The Voice of Mongolia》 ᠴᠡᠩᠭᠡᠬᠦᠨ ᠤ ᠰᠢᠭᠦᠭᠴᠢᠳ ᠪᠦᠷᠢᠨ ᠪᠦᠷᠢᠯᠳᠦᠬᠦᠨ ᠢᠶᠡᠷ ᠢᠶᠡᠨ ᠳᠦᠷᠢ ᠪᠦᠲᠦᠭᠡᠭᠰᠡᠨ ᠪᠥᠭᠡᠳ ᠳᠠᠭᠤᠴᠢᠨ ᠤᠺᠠ ᠨᠥᠬᠥᠷ ᠦᠨ ᠬᠠᠮᠲᠤ ᠬᠣᠣᠰ ᠤᠨ ᠳᠦᠷᠢ ᠶᠢ ᠪᠦᠲᠦᠭᠡᠭᠰᠡᠨ ᠪᠠᠶᠢᠨ᠎ᠠ᠃ ᠮᠥᠨ 《ᠬᠤᠷᠳᠤ》 ᠬᠠᠮᠲᠤᠯᠢᠭ ᠤᠨ ᠭᠢᠲ᠋ᠠᠷᠴᠢᠨ ᠳ ∙ ᠣᠳᠬᠣᠨᠪᠠᠶᠠᠷ 《ᠠᠲ᠋ᠠᠮᠠᠨ》 ᠪᠣᠯᠤᠭᠰᠠᠨ ᠪᠣᠯ ᠨᠠᠶᠢᠷᠠᠭᠤᠯᠤᠭᠴᠢ ᠰ ∙ ᠤᠨᠤᠨᠪᠠᠲᠤ ᠬᠠᠭᠤᠷᠴᠠᠭ ᠤᠨ ᠬᠤᠳᠠᠯᠳᠤᠭᠠᠴᠢᠨ ᠤ ᠳᠦᠷᠢ ᠪᠦᠲᠦᠭᠡᠵᠡᠢ᠃ ᠬᠠᠷᠢᠨ ᠺᠯᠢᠫ ᠦᠨ ᠬᠠᠮᠤᠭ ᠤᠨ ᠺᠦᠦᠯ ᠭᠱᠠᠨ ᠳᠠᠭᠤᠴᠢᠨ ᠳ ∙ ᠪᠣᠯᠣᠳ ᠤᠨ ᠭᠡᠷᠭᠡᠢ ᠵ ∙ ᠪᠢᠮᠪᠠᠰᠦ᠋ᠷᠦᠩ ᠪᠠᠶᠢᠭᠰᠠᠨ ᠶᠤᠮ᠃

ᠰᠡᠳᠬᠢᠭᠳᠡᠯ ᠦᠯᠡᠳᠡᠭᠡᠬᠦ